ᠨᠡᠪᠲᠡᠷᠡᠨ ᠤᠷᠤᠬᠤ
ᠬᠠᠪᠣᠷ

ᠨᠤᠳᠤᠭ ᠲᠤ ᠮᠢᠨᠢ ᠭᠦᠢᠳᠡᠷᠡᠵᠤ ᠭᠦᠢᠳᠡᠷᠡᠵᠤ ᠪᠠᠢ᠌ᠭᠰᠠᠨ ᠶᠢᠡᠨ ᠪᠣᠷᠤᠭᠠᠨ ᠣᠷᠤᠭᠠᠤᠨ ᠭᠡᠳᠤᠨ ᠡᠳᠦᠷ ᠪᠣᠯᠤᠭᠰᠠᠨ ᠤ ᠳᠠᠷᠠᠭ᠎ᠠ ᠬᠠᠷᠢᠨ ᠳᠤᠯᠠᠢ᠌ᠭᠰᠠᠨ ᠰᠠᠢ᠌ᠬᠠᠨ ᠨᠠᠷᠠ ᠭᠠᠷᠴᠤ ᠵᠠᠮ ᠤᠨ ᠬᠠᠵᠠᠭᠤ ᠶᠢᠨ ᠨᠠᠷ᠎ᠠ ᠶᠢ ᠨᠢ ᠮᠡᠳᠡᠭᠦ ᠮᠡᠳᠡᠭᠦ ᠦᠭᠡᠶ ᠮᠤᠳᠤᠨ ᠴᠡᠴᠡᠭ᠌ ᠬᠣᠢ᠌ᠨ᠎ᠠ ᠬᠣᠢ᠌ᠨ᠎ᠠ ᠡᠴᠡ ᠪᠠᠨ ᠵᠢᠭ᠍ᠳᠡᠷᠡᠨ ᠳᠡᠯᠭᠡᠷᠡᠵᠤ ᠨᠠᠰᠢ ᠴᠠᠰᠢ ᠰᠥᠯᠵᠢᠯᠳᠦᠭᠦ ᠭᠦᠮᠦᠰ ᠢ ᠣᠭᠳᠤᠵᠤ ᠦᠳᠡᠨ᠎ᠡ᠃ ᠢᠩᠭᠢᠵᠤ ᠯᠠ ᠨᠤᠳᠤᠭ ᠤᠨ ᠮᠢᠨᠢ ᠬᠠᠪᠣᠷ ᠵᠤᠨ ᠡᠴᠡ ᠵᠠᠪᠳᠤᠨ ᠭᠡᠳᠦᠭᠡᠨ ᠡᠳᠦᠷ ᠴᠤ ᠪᠣᠯᠤᠭ ᠦᠪᠡᠷ ᠲᠤ ᠪᠠᠨ ᠪᠠᠢ᠌ᠳᠠᠭ ᠳᠠᠭᠤᠤ ᠪᠠᠨ ᠦᠶ ᠲᠦᠮᠡᠨ ᠳᠤ ᠪᠠᠨ ᠡᠷᠭᠦᠭᠦ ᠭᠡᠵᠤ ᠳᠠᠮᠡᠤᠯᠵᠤ ᠢᠷᠡᠭ᠍ᠰᠡᠨ ᠪᠠᠢ᠌ᠪᠠ᠃

ᠨᠤᠳᠤᠭ ᠤᠨ ᠮᠢᠨᠢ ᠬᠠᠪᠣᠷ ᠣᠬᠤᠷᠬᠠᠨ ᠪᠣᠯᠪᠠᠴᠤ ᠪᠣᠯᠪᠠᠷᠠᠢ ᠵᠥᠭᠡᠯᠡᠨ ᠨᠠᠪᠴᠢ ᠨᠠᠭᠢᠶ᠎ᠠ ᠪᠠᠨ ᠳᠡᠯᠭᠡᠨ ᠪᠣᠯᠳᠤᠭᠤᠷ ᠵᠤ᠋ ᠪᠣᠮᠪᠣᠭᠤᠷ ᠬᠤᠧᠨ ᠭᠤᠪᠢ ᠰᠢᠯᠢ ᠬᠤᠳᠤᠭᠤᠷ ᠴᠠᠢ᠌ᠳᠠᠮ ᠭᠡᠵᠤ ᠢᠯᠭᠠᠯ ᠦᠭᠡᠶ ᠨᠤᠭᠤᠭᠠᠨ ᠥᠩᠭᠡ ᠪᠠᠨ ᠨᠠᠮᠠᠷᠢᠯᠠᠨ ᠣᠯᠠᠷᠢᠯ ᠤᠨ ᠭᠤᠸ᠎ᠠ ᠪᠠᠨ ᠭᠠᠢ᠌ᠬᠠᠭᠤᠯᠤᠨ᠎ᠠ᠃ ᠭᠦᠮᠦᠰ ᠤᠨ 《ᠵᠨ᠂ ᠬᠠᠪᠣᠷ ᠢᠷᠡᠴᠢᠭᠡᠯ᠎ᠡ》 ᠭᠡᠭᠦ ᠳᠤᠭᠳᠤᠯᠤᠩᠭ᠋ᠤᠢ ᠳᠠᠭᠤᠨ ᠤ ᠳᠤᠮᠳᠠ ᠪᠢ ᠭᠦᠪᠪᠦᠨ ᠳᠡᠭ᠍ᠳᠡᠵᠤ ᠪᠠᠢ᠌ᠭ᠎ᠠ ᠶᠤᠮ ᠰᠢᠭ ᠵᠤᠷᠢᠮᠠᠭ ᠠᠯᠬᠤᠭ᠎ᠠ ᠪᠠᠷ ᠵᠠᠮ ᠤᠨ ᠬᠠᠵᠠᠭᠤ ᠳᠤ ᠳᠤᠭᠣᠢ᠌ᠬᠠᠨ ᠭᠦᠷᠴᠤ ᠮᠦᠰᠢᠶᠠᠨ ᠳᠡᠯᠭᠡᠷᠡᠭ᠍ᠰᠡᠨ ᠭᠦᠢᠯᠡᠰᠤᠨ ᠴᠡᠴᠡᠭ᠌ ᠤᠨ ᠳᠠᠯᠪᠢ ᠶᠢ ᠰᠢᠷᠳᠠᠨ ᠰᠡᠭᠦᠳᠡᠷ ᠳᠠᠳᠠᠬᠤ ᠳᠤ ᠠᠩᠭᠢᠯᠤᠮ᠎ᠠ ᠰᠤᠳᠤᠨ ᠴᠡᠴᠡᠭ᠌ ᠤᠨ ᠦᠨᠦᠷ ᠬᠠᠮᠠᠷ ᠰᠡᠩᠭᠢᠨᠡᠭᠦᠯᠤᠨ ᠵᠢᠷᠪᠢᠭᠢᠨᠠᠵᠤ ᠨᠠᠮ᠎ᠠ ᠶᠢ ᠪᠣᠳᠤᠯ ᠰᠡᠳᠭᠢᠯ ᠳ᠋ᠠᠭᠢ ᠨᠥᠭᠦᠭᠡ ᠶ‍ᠢᠷᠳᠢᠠᠴᠤ ᠳᠤ ᠮᠠᠨᠢ ᠭᠦᠷᠭᠡᠭᠡᠳ ᠥᠭ᠍ᠴᠢᠭᠡᠯ᠎ᠡ᠃ ᠪᠢ ᠳᠠᠠᠳᠠ ᠣᠩᠭ᠋ᠤᠨ ᠪᠠᠢ᠌ᠭᠠᠯᠢ ᠶᠢᠨ ᠴᠠᠪᠠᠷ ᠠᠭᠠᠷ ᠢ ᠬᠠᠠᠳᠠᠯ᠎ᠠ ᠠᠮᠢᠰᠬᠤᠯᠯᠠᠵᠤ ᠶᠠᠭ ᠯᠠ ᠠᠮᠠᠷᠠᠭ ᠬᠠᠢ᠌ᠷᠠᠳᠤ ᠳᠡᠭᠦᠨ ᠤ ᠪᠠᠨ 《ᠴᠢᠮ᠎ᠠ ᠪᠠᠨ ᠰᠠᠨᠠᠨ᠎ᠠ ᠰᠢᠤ》 ᠭᠡᠭᠦ ᠪᠦᠱᠦᠭᠦᠷᠮᠡᠳᠡᠭᠡᠢ ᠴᠤ ᠦᠨᠡᠠᠴᠢ ᠶᠠᠷᠢᠬᠤ ᠶᠠᠷᠢᠶᠠᠨ ᠳᠤ ᠰᠤᠭᠳᠤᠭᠤᠷᠠᠭ᠎ᠠ ᠶᠤᠮ ᠰᠢᠭ᠃ ᠪᠠᠢ᠌ᠭᠠᠯᠢ ᠶᠢᠨ ᠰᠠᠢ᠌ᠬᠠᠨ ᠢ ᠪᠢ ᠥᠨᠡᠭᠡᠷ ᠪᠠᠬᠠᠷᠬᠠᠵᠤ ᠬᠠᠨᠤᠰᠢ ᠦᠭᠡᠶ᠃ ᠳᠠᠷᠠ ᠨᠢ ᠦᠪᠡᠷ ᠤᠨ ᠭᠡᠭᠦ ᠣᠤᠯ ᠳᠦᠷᠭᠦ ᠪᠠᠷ ᠶᠢᠡᠨ ᠳᠡᠯᠡᠭᠡᠢ ᠶ‍ᠢᠷᠳᠢᠠᠴᠤ ᠶᠢ ᠴᠢᠮᠠᠨ ᠭᠤᠶᠤᠵᠤ ᠴᠤᠯᠤ ᠴᠠᠪᠠᠷ ᠥᠩᠭᠡ ᠪᠣᠳᠤᠭ ᠶᠢᠡᠷ ᠶᠢᠡᠨ ᠣᠷᠴᠢᠨ ᠳᠤᠭᠤᠷᠢᠨ ᠶᠢᠡᠨ ᠥᠩᠭᠡᠯᠡᠵᠤ ᠭᠦᠮᠦᠰ ᠤᠨ ᠰᠡᠳᠭᠢᠯ ᠳᠤ ᠭᠦᠷᠤᠨ᠎ᠡ᠃

ᠰᠡᠳᠭᠢᠯ ᠳᠤ ᠪᠠᠭᠤᠭᠰᠠᠨ ᠬᠠᠪᠣᠷ ᠮᠢᠨᠢ᠂ ᠳᠠᠨ ᠤ ᠪᠠᠨ ᠠᠷᠢᠭᠤᠨ ᠴᠠᠢ᠌ᠯᠭᠠᠨ ᠳᠤ ᠠᠭᠤᠰᠴᠤ ᠶᠠᠪᠣᠶ᠎ᠠ︕


ᠵᠤᠬᠢᠶᠠᠭᠴᠢ ᠶᠢᠨ ᠬᠠᠶ‍ᠢᠭ᠄ ᠬᠤᠤᠯᠢᠨ ᠬᠤᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ