ᠨᠡᠪᠲᠡᠷᠡᠨ ᠤᠷᠤᠬᠤ
ᠮᠤᠩᠭ᠋ᠤᠯ ᠥᠰᠦᠭ᠌

ᠮᠤᠩᠭ᠋ᠤᠯ ᠥᠰᠦᠭ᠌

ᠮᠤᠩᠭ᠋ᠤᠯ ᠤᠨ ᠥᠰᠦᠭ᠌

ᠮᠥᠩᠭᠡ ᠳᠡᠭ᠍ᠷᠢ ᠵᠢᠨ

ᠳᠠᠮᠠᠭ᠎ᠠ ᠪᠢᠴᠢᠭ᠌ ᠡ

ᠣᠤᠠᠬ᠎ᠠ ᠶᠢᠨ ᠨᠠᠮᠠᠭᠠᠨ ᠳᠤ ᠨᠢ

ᠣᠬᠠᠭᠠᠨ ᠤ ᠰᠢᠪᠠᠭᠤ ᠵᠢᠷᠭᠢᠵᠤ

ᠠᠭᠤᠯᠭ᠎ᠠ ᠶᠢᠨ ᠰᠠᠯᠠᠭᠠᠨ ᠳᠤ ᠨᠢ

ᠣᠷᠠᠨ ᠬᠠᠵᠢᠨ ᠡᠭᠦᠷᠯᠡᠭ᠍ᠰᠡᠨ

ᠮᠤᠩᠭ᠋ᠤᠯ ᠥᠰᠦᠭ᠌

ᠮᠤᠩᠭ᠋ᠤᠯ ᠤᠨ ᠥᠰᠦᠭ᠌

ᠮᠦᠩᠭᠡ ᠳᠡᠭ᠍ᠷᠢ ᠶᠢᠨ

ᠳᠠᠮᠠᠭ᠎ᠠ ᠪᠢᠴᠢᠭ᠌ ᠡ

ᠳᠡᠭ᠍ᠷᠢ ᠶᠢ ᠪᠢᠯᠡᠭᠦᠳᠡᠭᠦ

ᠡᠪᠠᠷ ᠲᠡᠶ

ᠳᠢᠪ ᠢ ᠱᠥᠭᠦᠷᠳᠡᠭᠦ

ᠰᠡᠭᠦᠯ ᠲᠡᠶ

ᠳᠡᠩᠭᠡᠭᠡ ᠪᠠᠨ ᠭᠠᠢ᠌ᠬᠠᠭᠤᠯᠬᠤ

ᠨᠢᠷᠤᠭᠤ ᠲᠡᠶ

ᠳᠠᠮᠤᠵᠤ ᠭᠦᠷᠦᠭᠦ

ᠭᠡᠵᠢᠭᠡ ᠲᠡᠶ

ᠳᠠᠰᠤᠯᠵᠤ ᠵᠠᠯᠭᠠᠬᠤ

ᠦᠶ᠎ᠡ ᠲᠡᠶ

ᠳᠠᠨᠢᠵᠤ ᠨᠢᠳᠦᠯᠡᠭᠦ

ᠠᠪᠢᠶ᠎ᠠ ᠲᠡᠶ

ᠮᠤᠩᠭ᠋ᠤᠯ ᠥᠰᠦᠭ᠌

ᠮᠤᠩᠭ᠋ᠤᠯ ᠤᠨ ᠥᠰᠦᠭ᠌

ᠮᠥᠩᠭᠡ ᠳᠡᠭ᠍ᠷᠢ ᠶᠢᠨ

ᠳᠠᠮᠠᠭ᠎ᠠ ᠪᠢᠴᠢᠭ᠌ ᠡ

ᠳᠡᠭ᠍ᠷᠢ ᠥᠭᠡᠳᠡ ᠴᠠᠭᠢᠯᠤᠭᠰᠠᠨ

ᠪᠣᠰᠤᠭ᠎ᠠ ᠭᠢᠯᠪᠠᠭᠡᠨ

ᠳᠢᠪ ᠳᠡᠯᠡᠭᠡᠢ ᠳᠤ ᠵᠠᠷᠯᠠᠭᠰᠠᠨ

ᠣᠷᠳᠤ ᠵᠠᠭᠢᠶ᠎ᠠ

ᠮᠤᠩᠭ᠋ᠤᠯ ᠥᠰᠦᠭ᠌

ᠮᠤᠩᠭ᠋ᠤᠯ ᠤᠨ ᠥᠰᠦᠭ᠌

ᠮᠥᠩᠭᠡ ᠳᠡᠭ᠍ᠷᠢ ᠶᠢᠨ

ᠳᠠᠮᠠᠭ᠎ᠠ ᠪᠢᠴᠢᠭ᠌ ᠡ

ᠡᠯᠧᠮᠧᠨ᠋ᠲ ᠳᠤᠳᠠᠬᠤ ᠦᠭᠡᠶ

ᠡᠷᠡᠭᠦᠯ ᠣᠬᠠᠭᠠᠨ ᠤ ᠳᠦᠷᠢ

ᠴᠢᠳᠠᠯ ᠪᠦᠷᠢᠨ

ᠴᠢᠭᠢᠷᠠᠭ ᠬᠠᠳᠠᠨ ᠴᠤᠭᠴᠠᠰ

ᠮᠢᠨᠤ ᠮᠤᠩᠭ᠋ᠤᠯ ᠥᠰᠦᠭ᠌

ᠮᠢᠨᠤ ᠳᠡᠭᠡᠳᠦᠰ ᠤᠨ ᠣᠬᠠᠭᠠᠨ

ᠮᠤᠷᠢᠳᠠᠨ ᠦᠨᠳᠦᠰᠦᠳᠠᠨ ᠤ

ᠮᠤᠬᠤᠰᠢ ᠦᠭᠡᠶ ᠣᠬᠠᠭᠠᠨ ᠡ


ᠵᠤᠬᠢᠶᠠᠭᠴᠢ ᠶᠢᠨ ᠬᠠᠶ‍ᠢᠭ ᠄ ᠭᠠᠬᠠᠢ᠌ᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ