☆ ᠭᠣ᠊·ᠰᠤᠶᠤᠯᠳᠤ
ᠮᠦᠷ ᠪᠣᠶᠤ ᠪᠠᠬᠠᠷᠬᠠᠯ
᠊᠊᠊᠊᠊᠊᠊᠊᠊᠊᠊᠊᠊᠊᠊ ᠡᠷᠳᠡᠨᠢᠪᠠᠶᠡᠷ ᠭᠤᠸᠠᠢ ᠶᠢᠨ ᠵᠢᠷᠠᠨ ᠨᠢᠭᠡ ᠶᠢᠨ ᠨᠠᠰᠤᠨ ᠪᠠᠶᠠᠷ ᠳᠤ
ᠬᠤᠷᠢᠳᠤᠭᠠᠷ ᠵᠠᠭᠤᠨ ᠤ ᠳᠠᠪᠢᠨ ᠣᠨ ᠳᠤ
ᠬᠤᠭᠤᠯᠠᠳᠤ ᠶᠢᠨ ᠭᠤᠤᠯ ᠤᠨ ᠪᠠᠶᠠᠠᠪᠣᠯᠠᠭ ᠳᠤ
ᠪᠣᠷᠵᠢᠭᠢᠨ ᠣᠪᠣᠭ ᠲᠡᠶ ᠳᠤᠭᠳᠠᠬᠤ ᠶᠢᠨ ᠳᠤ ᠲᠦᠷᠦᠵᠤ
ᠪᠣᠭᠤᠷᠤᠯ ᠳᠡᠦᠭᠡ ᠶᠢᠨ ᠣᠯᠠᠭ᠎ᠠ ᠵᠠᠯᠭᠠᠭᠰᠠᠨ ᠶᠤᠮ᠃
ᠬᠤᠵᠢᠮ ᠨᠢ ᠳᠡᠭᠡᠭᠡᠳ ᠡᠷᠳᠡᠨᠢᠪᠠᠶᠡᠷ
ᠬᠤᠶᠠᠷ ᠨᠠᠰᠤ ᠵᠢᠷᠭᠤᠭᠠᠨ ᠰᠠᠷ᠎ᠠ ᠳᠠᠢ
ᠰᠠᠩᠵᠠᠢ ᠶᠢᠨ ᠴᠢᠮᠠᠳᠳᠤᠷᠵᠢ ᠶᠢᠨ ᠳ᠋ᠤ
ᠰᠠᠨᠠᠭᠳᠠᠵᠤ ᠡᠷᠭᠦᠭ᠍ᠳᠡᠵᠤ ᠥᠰᠦᠭ᠍ᠰᠡᠨ ᠶᠤᠮ᠃
ᠮᠤᠷᠢᠳᠠᠨ ᠦᠨᠳᠦᠰᠦᠳᠠᠨ ᠤ ᠰᠤᠳᠤᠨ ᠳᠠᠮᠢᠷ
ᠮᠤᠩᠭ᠋ᠤᠯ ᠪᠦᠭᠡ ᠶᠢᠨ ᠶᠡᠭᠡ ᠪᠠᠭᠰᠢ
ᠮᠤᠬᠤᠰᠢ ᠦᠭᠡᠶ ᠵᠤᠷᠢᠭ ᠤᠨ ᠠᠮᠢᠳᠤ ᠭᠡᠷᠡᠴᠢ
ᠮᠤᠩᠭ᠋ᠤᠯᠴᠤᠳ ᠤᠨ ᠭᠡᠯᠡᠳᠡᠭ᠌ ᠶᠠᠰᠤᠨ ᠤ ᠪᠦᠭᠡ᠃
ᠭᠢᠨᠢᠰ ᠡᠭᠦᠳᠦᠭ᠍ᠰᠡᠨ ᠳᠠᠶᠠᠩ ᠨᠠᠢ᠌ᠷ ᠤᠨ
ᠳᠦᠷᠢ ᠳᠦᠷᠭᠦ ᠶᠢᠨ ᠡᠷᠭᠢᠮ ᠡᠯᠴᠢ
ᠫᠠᠷᠢᠰ ᠬᠤᠳᠠ ᠶᠢᠨ ᠳᠠᠷᠤᠭ᠎ᠠ ᠬᠤᠠᠳᠠᠭ᠎ᠠ ᠵᠢ
ᠪᠠᠷᠳᠠᠮ ᠳᠤᠰᠤᠭᠰᠠᠨ ᠮᠤᠩᠭ᠋ᠤᠯ ᠡᠷ᠎ᠡ᠃
ᠣᠯᠠᠨ ᠣᠳᠠᠭᠠᠨ ᠤ ᠣᠷᠤᠯᠳᠤᠭᠠᠨ ᠳᠤ ᠮᠠᠩᠯᠠᠢ᠌ᠯᠠᠭᠰᠠᠨ
ᠣᠳᠤᠨ ᠮᠧᠲ᠋ᠠᠯᠳᠤ ᠣᠯᠤᠰ ᠤᠨ ᠠᠪᠣᠷᠭᠤ
ᠣᠠᠴᠠ ᠵᠢᠦᠡᠭᠦᠯ ᠶᠢᠡᠨ ᠵᠠᠰᠠᠭ ᠲᠤ ᠪᠠᠨ ᠥᠨᠡᠯᠡᠭᠦᠯᠦᠭ᠍ᠰᠡᠨ
ᠣᠷᠤᠨ ᠤ ᠳᠠᠰ ᠤᠨ ᠭᠦᠳᠡᠯᠮᠦᠷᠢ ᠶᠢᠨ ᠵᠢᠱᠢᠶᠠᠴᠢ᠃
ᠳᠡᠯᠡᠭᠡᠢ ᠶᠢᠨ ᠳᠠᠮᠢᠷ ᠤᠨ ᠳᠤᠮᠤ ᠳᠠᠷᠤᠭ᠎ᠠ
ᠰᠠᠮᠠᠷᠠᠠᠴᠢ ᠠᠪᠣᠭᠠᠢ ᠲᠡᠶ ᠠᠭᠤᠯᠵᠠᠵᠤ ᠶᠠᠪᠣᠭᠰᠠᠨ
ᠳᠡᠯᠭᠡᠷ ᠮᠤᠩᠭ᠋ᠤᠯ ᠪᠦᠭᠡ ᠶᠢᠨ ᠰᠤᠶᠤᠯ ᠵᠢᠠᠨ
ᠹᠷᠠᠠᠼᠢ ᠣᠷᠤᠳᠠᠯ᠎ᠠ ᠰᠤᠷᠳᠠᠯᠴᠢᠯᠠᠵᠤ ᠶᠠᠪᠣᠭᠰᠠᠨ
ᠪᠠᠷᠢᠴᠠ ᠭᠢᠴᠠ ᠵᠤᠭᠰᠤᠴᠠ ᠭᠤᠷᠪᠠ ᠶᠢ
ᠰᠤᠷᠮᠠᠭᠠᠢ ᠡᠵᠡᠮᠰᠢᠭ᠍ᠰᠡᠨ ᠮᠠᠯᠴᠢᠨ ᠪᠦᠭᠡ
ᠭᠦᠡᠳᠤ ᠶᠢᠨ ᠲᠦᠪ᠂ ᠬᠠᠷᠢᠭᠤᠯᠳᠠ ᠵᠢ
ᠰᠤᠷᠴᠤ ᠰᠤᠳᠤᠯᠤᠭᠰᠠᠨ ᠮᠡᠷᠭᠡᠵᠢᠯ ᠤᠨ ᠪᠦᠭᠡ
ᠮᠢᠩᠭ᠋ᠠᠨ ᠪᠦᠭᠡ ᠲᠡᠶ ᠳᠠᠶᠠᠩ ᠨᠠᠢ᠌ᠷ ᠲᠤ
ᠭᠤᠷᠪᠠ ᠳᠤ ᠬᠤᠶᠠᠷ᠂ ᠨᠢ᠋ᠮᠠ ᠳᠤ ᠨᠢᠭᠡ
ᠮᠢᠬ᠎ᠠ ᠶᠠᠰᠤᠨ ᠤ ᠭᠡᠮᠳᠦᠯ ᠢ ᠳᠠᠰᠪᠣᠷᠢᠯᠠᠨ
ᠮᠢᠡᠴᠦᠷᠡᠭᠦᠯᠵᠤ ᠪᠠᠷᠢᠯᠳᠤᠭᠰᠠᠨ ᠣᠮᠤᠭ ᠰᠦᠰᠦ᠃
ᠵᠤᠳ ᠲᠡᠶ ᠵᠢᠯ ᠬᠤᠭᠤᠯᠠᠳᠤ ᠡᠴᠡ ᠠᠯᠬᠤᠵᠤ
ᠠᠢ᠌ᠮᠠᠭ ᠣᠷᠤᠭᠰᠠᠨ ᠭᠦᠴᠤᠨ ᠵᠤᠷᠢᠭ
ᠵᠠᠭᠤᠨ ᠺᠢᠯᠦᠭ᠍ᠷᠡᠮ ᠳᠤ ᠭᠦᠷᠭᠡᠨ᠎ᠡ ᠭᠡᠵᠤ
ᠠᠷᠪᠠᠨ ᠳᠠᠪᠤᠨ ᠵᠢᠩ ᠣᠰᠤ ᠣᠤᠭᠤᠭᠰᠠᠨ ᠳᠠᠪᠴᠢᠶᠠᠷᠢ᠃
ᠳᠦᠷᠦᠭ᠍ᠰᠡᠨ ᠨᠤᠳᠤᠭ ᠤᠨ ᠶᠢᠡᠨ ᠰᠤᠤᠳᠤ ᠭᠦᠪᠠᠭᠦᠨ
ᠲᠦᠷᠦ ᠲᠦᠮᠡᠨ ᠤ ᠪᠠᠨ ᠰᠢᠳᠤᠷᠭᠤ ᠺᠠᠳ᠋ᠷ
ᠳᠦᠴᠢᠨᠠᠨ ᠣᠯᠠᠨ ᠱᠠᠪᠢ ᠶᠢᠨ ᠡ᠊ ᠪᠠᠭᠰᠢ
ᠳᠦᠷᠪᠡᠨ ᠬᠡᠦᠬᠡᠳ ᠤᠨ ᠶᠢᠡᠨ ᠠᠴᠢᠳᠤ ᠡᠴᠢᠭᠡ
ᠠᠵᠢᠯ ᠣᠢ᠌ᠯᠠᠰ ᠪᠠᠨ ᠭᠡᠵᠤ ᠵᠢᠦᠡᠭᠦᠭᠦᠭ᠍ᠰᠡᠭᠡᠷ ᠪᠠᠢ᠌ᠭᠠᠤᠨ
ᠠᠯᠢᠪᠠ ᠪᠠᠨ ᠳᠠᠶᠠᠭᠳᠠᠭᠰᠠᠨ ᠠᠯᠳᠠᠭ᠎ᠠ ᠣᠨᠤᠭ᠎ᠠ
ᠠᠯᠳᠠ ᠠᠪᠣᠭᠤᠯᠵᠤ ᠠᠪᠣᠷᠭᠤ ᠪᠣᠯᠭᠠᠭᠰᠠᠭᠠᠷ
ᠠᠮᠠᠯᠠᠯᠳᠠ ᠪᠠᠨ ᠭᠦᠢᠴᠡᠭᠡᠭ᠍ᠰᠡᠨ ᠠᠴᠢ ᠬᠠᠷᠢᠭᠤᠯᠳᠠ
ᠠᠴᠢᠳᠤ ᠠᠪᠣ ᠪᠠᠨ ᠥᠭᠡᠳᠡ ᠪᠣᠯᠬᠤ ᠳ᠋ᠤ
ᠶᠠᠰᠤ ᠶᠢ ᠨᠢ ᠪᠠᠷᠢᠵᠤ ᠴᠢᠳᠠᠭ᠎ᠠ ᠦᠭᠡᠶ ᠬᠠᠷᠠᠮᠰᠠᠯ
ᠠᠮᠠᠷᠠᠭ ᠬᠠᠨᠢ ᠪᠠᠨ ᠭᠦᠩᠭᠡᠷᠡᠵᠤ ᠴᠠᠭᠠᠷᠠᠬᠤ ᠳ᠋ᠤ
ᠳᠡᠷᠭᠡᠳᠡ ᠨᠢ ᠪᠠᠢ᠌ᠭ᠎ᠠ ᠦᠭᠡᠶ ᠭᠦᠡᠳᠤ ᠭᠤᠮᠤᠷᠬᠠᠯ᠃
ᠳᠠᠪᠤᠨ ᠵᠠᠭᠤᠨ ᠠᠷᠪᠠᠨ ᠬᠤᠶᠠᠷ ᠤᠨ ᠨᠠᠢ᠌ᠷ ᠤᠨ
ᠳᠤᠯᠤᠭᠠᠨ ᠣᠳᠠᠭᠠᠨ ᠤ ᠳᠡᠷᠢᠭᠦᠨ ᠪᠦᠭᠡ
ᠳᠠᠩᠭ᠋ᠠᠤᠨ ᠲᠦᠪᠡᠳ ᠪᠧᠢ᠌ᠭᠠ ᠪᠠᠷᠢᠯᠳᠤᠭᠠᠨ ᠤ
ᠳᠤᠭᠰᠢᠨ ᠪᠠᠷᠢᠯᠳᠤᠭᠠᠠᠳᠤ ᠮᠠᠩᠯᠠᠢ ᠪᠦᠭᠡ
ᠮᠤᠩᠭ᠋ᠤᠯ ᠪᠦᠭᠡ ᠶᠢᠨ ᠳᠠᠷᠬᠠᠨ ᠠᠪᠣᠷᠭᠤ
ᠭᠢᠳᠠᠤᠨ ᠪᠦᠭᠡ ᠶᠢᠨ ᠣᠯᠤᠰ ᠤᠨ ᠠᠪᠣᠷᠭᠤ
ᠴᠢᠯᠦᠭᠡᠳᠤ ᠪᠦᠭᠡ ᠶᠢᠨ ᠠᠯᠳᠠᠨ ᠮᠧᠲ᠋ᠠᠯᠳᠤ
ᠡᠷᠳᠡᠨ ᠤ ᠪᠦᠭᠡ ᠶᠢᠨ ᠭᠦᠷᠡᠯ ᠮᠧᠲ᠋ᠠᠯᠳᠤ
ᠪᠦᠭᠡ ᠭᠡᠳᠡᠭ᠌ ᠶᠢᠡᠷ ᠣᠢ᠌ᠯᠠᠰ ᠶᠢᠡᠨ ᠪᠣᠯᠭᠠᠭᠰᠠᠨ ᠪᠠᠬᠠᠷᠬᠠᠯ
ᠪᠦᠭᠡ ᠪᠣᠯᠵᠤ ᠣᠳᠤ ᠲᠡᠶ ᠪᠠᠷᠢᠯᠳᠤᠭᠰᠠᠨ ᠣᠮᠤᠷᠬᠠᠯ
ᠪᠦᠭᠡ ᠭᠦᠮᠦᠵᠢᠭᠦᠯᠵᠤ ᠠᠪᠣᠷᠭᠤ ᠭᠠᠷᠭᠠᠠᠭᠰᠠᠨ ᠰᠤᠷᠭᠠᠭᠴᠢ
ᠪᠦᠭᠡ ᠶᠢᠨ ᠳᠡᠦᠭᠡᠨ᠎ᠡ ᠦᠨᠢᠳᠠ ᠮᠥᠩᠭᠡᠷᠡᠭᠦ ᠠᠯᠳᠠᠷ
ᠪᠠᠭᠰᠢ ᠡᠴᠡ ᠣᠯᠠᠮᠵᠢᠯᠠᠭᠰᠠᠨ ᠮᠡᠭᠡ ᠮᠡᠷᠭᠡᠵᠢᠯ
ᠪᠠᠷᠢᠯᠳᠤᠵᠤ ᠶᠠᠪᠣᠭᠰᠠᠨ ᠠᠷᠭ᠎ᠠ ᠳᠤᠷᠰᠢᠯᠭ᠎ᠠ ᠪᠠᠨ
ᠪᠦᠭᠦᠨ ᠢ ᠰᠠᠢ᠌ᠬᠠᠨ ᠡᠮᠭᠢᠦᠡᠭᠡᠵᠤ ᠭᠡᠪᠯᠡᠭᠦᠯᠦᠭ᠍ᠰᠡᠨ
《ᠪᠦᠭᠡ ᠶᠢᠨ ᠣᠬᠠᠭᠠᠨ》 ᠨᠤᠮ ᠤᠨ ᠵᠤᠬᠢᠶᠠᠭᠴᠢ᠃
ᠣᠯᠠᠨ ᠤ ᠮᠡᠳᠡᠳᠡᠭ᠌ ᠠᠪᠣᠷᠭᠤ ᠶᠢᠨ ᠥᠯᠦᠭᠡᠢ
ᠣᠷᠤᠨ ᠤ ᠠᠩᠭᠢ ᠶᠢᠨ ᠳᠤᠰᠬᠠᠢ ᠰᠤᠷᠭᠠᠭᠴᠢ
ᠳᠡᠦᠭᠡᠳᠤ ᠭᠦᠮᠤᠨ ᠤ ᠠᠯᠳᠠᠷ ᠢ ᠡᠷᠭᠦᠵᠤ
《ᠳᠦᠭᠦᠷᠡᠩᠵᠡᠭᠠᠨ》 ᠥᠷᠦᠭᠡ ᠶᠢ ᠡᠭᠦᠰᠭᠡᠨ ᠪᠠᠢ᠌ᠭᠤᠯᠤᠭᠴᠢ᠃
ᠳᠠᠪᠢᠨ ᠳᠠᠪᠣ ᠭᠦᠷᠳᠡᠯ᠎ᠡ ᠪᠠᠷᠢᠯᠳᠤᠭᠰᠠᠨ
ᠶᠠᠰᠤᠨ ᠤ ᠪᠦᠭᠡ ᠪᠣᠯ ᠡᠷᠳᠡᠨᠢᠪᠠᠶᠡᠷ
ᠳᠠᠪᠢᠯᠠᠩ ᠵᠠᠶᠠᠭ᠎ᠠ ᠪᠠᠨ ᠪᠦᠭᠡ ᠲᠡᠶ ᠬᠤᠯᠪᠣᠭᠰᠠᠨ
ᠨᠠᠰᠤᠨ ᠤ ᠠᠯᠳᠠᠷ ᠪᠣᠯ ᠡᠷᠳᠡᠨᠢᠪᠠᠶᠡᠷ ᠡ
ᠨᠠᠰᠤ ᠪᠠᠷ ᠶᠢᠡᠨ ᠵᠢᠦᠡᠭᠦᠭ᠍ᠰᠡᠨ ᠪᠦᠭᠡ ᠶᠢᠨ ᠣᠢ᠌ᠯᠠᠰ ᠴᠢᠨᠢ ᠭᠦᠭ᠍ᠵᠢᠳᠦᠭᠡᠢ
ᠶᠠᠰᠤ ᠪᠠᠨ ᠵᠢᠭᠠᠭᠰᠠᠨ ᠠᠪᠣᠷᠭᠤ ᠶᠢᠨ ᠠᠯᠳᠠᠷ ᠴᠢᠨᠢ ᠮᠠᠠᠳᠤᠳᠤᠭᠠᠢ
ᠠᠢ᠌ᠯ ᠭᠡᠷ ᠠᠵᠢᠯ ᠣᠢ᠌ᠯᠠᠰ ᠴᠢᠨᠢ ᠥᠭᠡᠳᠡᠯᠡᠳᠦᠭᠡᠢ
ᠠᠴᠢᠷ ᠵᠤᠯᠵᠠᠭ᠎ᠠ ᠦᠨᠳᠦᠰᠦ ᠨᠠᠮᠠᠭ᠎ᠠ ᠴᠢᠨᠢ ᠳᠡᠯᠭᠡᠷᠡᠳᠦᠭᠡᠢ ︕
2009 ᠣᠨ ᠤ 10 ᠰᠠᠷ᠎ᠠ ᠶᠢᠨ 16 ᠊ᠤ ᠡᠳᠦᠷ
ᠪᠠᠯᠭᠠᠷᠭᠤᠤᠯ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠶᠤᠯ ᠳᠠᠮᠢᠷ ᠷᠠᠳᠢᠤ᠋ ᠳᠸᠯᠸᠢᠰ ᠳᠤᠪᠴᠢᠶ᠎ᠠ
ᠵᠤᠬᠢᠶᠠᠭᠴᠢ᠄ ᠭᠣ᠊·ᠰᠤᠶᠤᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ