☆ ᠭᠦᠷᠵᠡᠪ
ᠨᠤᠮ
ᠶᠠᠷᠳᠢᠠᠴᠤ ᠶᠢ ᠬᠠᠷᠠᠬᠤ
ᠭᠡᠭᠡᠭᠡᠨ ᠴᠤᠩᠬᠤ
ᠶᠠᠷᠤ ᠨᠢ ᠪᠠᠯᠠᠷᠠᠳᠠᠳᠠᠭ ᠥᠭᠡᠢ
ᠭᠡᠷᠡᠯᠳᠦᠭᠡᠨ ᠨᠢᠳᠤ
ᠨᠤᠮ ᠪᠢᠯᠠ᠁
ᠶᠡᠭᠡᠰ ᠤᠨ ᠵᠤᠭᠤᠭ ᠤᠨ ᠰᠥᠪᠠᠭ᠍ᠴᠢ
ᠢᠷᠡᠭᠡᠳᠦᠢ ᠶᠢᠨ ᠵᠤᠷᠢᠭ ᠤᠨ ᠣᠠᠳᠤᠷᠤᠯ
ᠢᠳᠡᠭᠡᠯ ᠪᠠ ᠭᠦᠰᠡᠯᠡᠩ ᠢ
ᠡᠷᠴᠢᠯᠡᠭ᠍ᠴᠢ ᠣᠴᠢ
ᠵᠢᠦᠡᠭᠦᠯ ᠪᠠ ᠭᠠᠪᠢᠶ᠎ᠠ ᠶᠢ
ᠢᠯᠡᠴᠢᠯᠡᠭ᠍ᠴᠢ ᠣᠳᠤ
ᠨᠤᠮ ᠪᠢᠯᠠ᠁
ᠰᠢᠷᠭᠠᠭᠤ ᠰᠢᠮᠳᠠᠭᠴᠢ ᠭᠦᠮᠤᠨ ᠳ᠋ᠤ
ᠨᠤᠮ ᠊᠊᠊᠊᠊᠊᠊᠊᠊᠊᠊᠊᠊᠊᠊ ᠨᠠᠷᠠ ᠪᠢᠯᠠ᠂
ᠰᠢᠠᠳᠠᠷᠠᠨ ᠴᠥᠭᠦᠷᠡᠭ᠍ᠴᠢ ᠭᠦᠮᠤᠨ ᠳ᠋ᠤ
ᠨᠤᠮ ᠊᠊᠊᠊᠊᠊᠊᠊᠊᠊᠊᠊᠊᠊᠊ ᠨᠤᠪᠰᠢ ᠪᠢᠯᠠ᠃
ᠣᠢ᠌ᠯᠠᠰ ᠪᠦᠳᠦᠭᠡᠭᠦ ᠵᠠᠮ ᠳ᠋ᠤ
ᠨᠤᠮ ᠊᠊᠊᠊᠊᠊᠊᠊᠊᠊᠊᠊᠊᠊᠊ ᠬᠠᠨᠢ ᠪᠢᠯᠠ᠂
ᠶᠡᠭᠡ ᠶᠢ ᠰᠡᠳᠦᠭᠦ ᠰᠡᠳᠭᠢᠯ ᠳ᠋ᠤ
ᠨᠤᠮ ᠊᠊᠊᠊᠊᠊᠊᠊᠊᠊᠊᠊᠊᠊᠊ ᠴᠠᠮᠬᠠᠭ ᠪᠢᠯᠠ᠃
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2923
ᠴᠠᠭ᠄ 2009 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ