ᠨᠡᠪᠲᠡᠷᠡᠨ ᠤᠷᠤᠬᠤ
ᠮᠠᠨᠳᠤᠬᠠᠢ ᠰᠡᠴᠡᠨ ᠤ ᠲᠠᠩᠭᠠᠷᠢᠭ ᠤᠨ ᠰᠢᠯᠦᠭ

ᠬᠠᠷ᠎ᠠ ᠴᠠᠭᠠᠨ ᠤ ᠵᠢᠰᠤᠨ ᠢᠯᠭᠠᠭᠳᠠᠬᠤ ᠦᠭᠡᠶ

ᠬᠤᠯᠠ ᠭᠠᠵᠠᠷ ᠪᠠᠷᠢᠯᠡᠳᠡᠭ᠌ ᠪᠢᠯᠠ ᠪᠢ᠃

ᠬᠠᠭᠠᠨ ᠴᠢᠨᠤ ᠦᠷ᠎ᠡ ᠶᠢ ᠪᠠᠯᠴᠢᠷ ᠭᠡᠵᠤ

ᠬᠠᠰᠠᠷ ᠤᠨ ᠦᠷ᠎ᠡ ᠠᠪᠣᠶ᠎ᠠ ᠭᠡᠭᠦ ᠳᠤ

ᠬᠠᠢ᠌ᠷᠠᠯᠠᠨ ᠲᠡᠳᠬᠦᠭᠦ ᠦᠷᠦᠰᠢᠶᠠᠯ ᠢ ᠡᠷᠢᠵᠤ

ᠬᠠᠭᠠᠨ ᠣᠷᠳᠤᠨ ᠤ ᠳᠡᠷᠭᠡᠳᠡ ᠢᠷᠠᠪᠠᠢ ᠪᠢ ᠁

ᠥᠷᠭᠡᠨ ᠶᠡᠭᠡ ᠡᠭᠦᠳᠡ ᠶᠢ ᠴᠢᠨᠢ ᠭᠦᠩᠭᠡᠨ ᠭᠡᠵᠤ

ᠦᠨᠳᠦᠷ ᠶᠡᠭᠡ ᠪᠣᠰᠤᠭ᠎ᠠ ᠶᠢ ᠴᠢᠨᠢ ᠨᠠᠷᠢᠨ ᠭᠡᠵᠤ

ᠥᠭᠡᠷ᠎ᠡ ᠭᠦᠮᠤᠨ ᠳᠤᠷ ᠡᠴᠢᠪᠠᠰᠤ

ᠥᠭᠡᠳᠡ ᠦᠭᠡᠶ ᠨᠠᠷ᠎ᠠ ᠨᠠᠳᠠ ᠬᠤᠴᠤᠷᠤᠮᠤᠢ᠃

ᠪᠠᠯᠴᠢᠷ ᠦᠷ᠎ᠡ ᠶᠢ ᠴᠢᠨᠢ ᠪᠠᠭ᠎ᠠ ᠭᠡᠵᠤ

ᠪᠠᠰᠤᠵᠤ ᠳᠤᠷᠤᠮᠵᠢᠯᠠᠬᠤ ᠦᠭᠡᠶ ᠪᠢ᠃

ᠪᠣᠯᠤᠳ ᠤᠨᠭ᠌ ᠢ ᠶᠡᠭᠡ ᠭᠡᠵᠤ

ᠪᠣᠭᠳᠠᠯᠠᠭᠳᠠᠵᠤ ᠣᠴᠢᠬᠤ ᠦᠭᠡᠶ ᠪᠢ᠃

ᠬᠠᠪᠣ ᠭᠦᠴᠤ ᠪᠦᠷᠢᠳᠦᠭ᠍ᠰᠡᠨ

ᠬᠠᠭᠠᠨ ᠭᠦᠪᠠᠭᠦᠨ ᠲᠦᠷᠦᠵᠤ ᠪᠦᠯᠦᠭᠡ᠂

ᠬᠠᠭᠠᠨ ᠭᠦᠪᠠᠭᠦᠨ ᠢ ᠴᠢᠨᠢ ᠬᠠᠯᠢᠪᠠ ᠭᠡᠵᠤ

ᠬᠠᠷᠠ ᠪᠠᠶ᠎ᠠ ᠪᠠᠨ ᠮᠠᠳᠠᠵᠤ ᠡᠴᠢᠪᠠᠰᠤ

ᠬᠨ ᠭᠤᠶ᠎ᠠ ᠡᠴᠡ ᠪᠠᠨ ᠬᠠᠭᠠᠴᠠᠪᠠᠰᠤ ᠪᠢ᠃

ᠦᠨᠡᠨ ᠥᠭᠡᠰ ᠶᠢᠡᠨ ᠥᠭᠦᠯᠡᠵᠤ᠂

ᠡᠭᠦᠷᠢᠳᠡ ᠶᠢᠨ ᠳᠠᠩᠭ᠋ᠠᠷᠢᠭ ᠡᠷᠭᠦᠭᠡᠤᠨ

ᠡᠨᠡ ᠥᠭᠡ ᠶᠢ ᠮᠢᠨᠢ ᠵᠥᠪᠰᠢᠶᠡᠷᠡᠭᠦ ᠪᠣᠯᠰᠠ᠃

ᠳᠤᠤᠷᠠᠳᠤ ᠬᠠᠳᠤᠨ ᠨᠠᠳᠠ

ᠳᠤᠯᠤᠭᠠᠨ ᠨᠤᠭᠤᠨ ᠵᠠᠶᠠᠭᠠᠪᠠᠰᠤ

ᠳᠤᠯᠤᠭᠤᠯᠠ ᠳᠤᠷ ᠪᠣᠯᠤᠳ ᠨᠠᠷ᠎ᠠ ᠥᠭ᠍ᠴᠤ

ᠭᠠᠯ ᠭᠤᠯᠤᠮᠳᠠ ᠶᠢ ᠮᠢᠨᠢ ᠰᠠᠭᠢᠭᠤᠯᠤᠶ᠎ᠠ

ᠭᠠᠵᠠᠷ ᠨᠤᠳᠤᠭ ᠢ ᠴᠢᠨᠢ ᠡᠵᠡᠯᠡᠭᠦᠯᠦᠶ᠎ᠡ᠃

ᠢᠷᠡᠯᠲᠡ᠄ ᠮᠢ᠊·ᠨᠠᠷᠠᠨ ᠬᠠᠩᠭᠠᠪᠠ
ᠬᠠᠷᠢᠶ᠎ᠠ᠄ ᠮᠤᠩᠭᠤᠯ ᠲᠡᠦᠬᠡ
ᠳᠠᠷᠤᠮ᠄ 7536
ᠴᠠᠭ᠄ 2008 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ