ᠨᠡᠪᠲᠡᠷᠡᠨ ᠤᠷᠤᠬᠤ
ᠭᠦᠨ ᠣᠬᠠᠭᠠᠨ ᠪᠣᠶᠤ ᠡᠨᠡ ᠳᠠᠷᠠ

ᠦᠳᠡᠰᠢ ᠪᠣᠯᠭᠠᠨ ᠨᠣᠢ᠌ᠷ ᠬᠤᠯᠵᠢᠬᠤ

ᠦᠷ ᠴᠠᠢ᠌ᠬᠤ ᠪᠠᠷ ᠨᠢᠭᠡ ᠳᠤᠭᠵᠢᠷᠠᠵᠤ ᠠᠪᠬᠤ

ᠵᠡᠭᠦᠳᠤ ᠬᠠᠮᠤᠭ ᠰᠠᠢ᠌ᠬᠠᠨ ᠭᠠᠵᠠᠷ ᠶᠢᠡᠨ ᠭᠦᠷᠭᠦ ᠦᠶ᠎ᠡ

ᠵᠠᠪᠰᠢᠶᠠᠨ ᠪᠣᠰᠤ ᠪᠠᠷ ᠵᠠᠮᠬᠠᠷᠠᠨ ᠤᠳᠬᠤ᠃


ᠳᠤᠷᠠᠰᠤᠯ ᠳᠤ ᠪᠣᠴᠠᠬᠤ ᠪᠣᠶᠤ

ᠳᠤᠷ᠎ᠠ ᠶᠢᠨ ᠨᠢᠭᠡ ᠮᠦᠴᠡ ᠳᠤ ᠣᠳᠠᠰᠤ ᠨᠡᠪᠳᠡᠷᠡᠭᠦ

ᠭᠡᠭᠡᠪᠴᠢ ᠪᠠᠷ ᠭᠡᠷᠡᠯ ᠬᠠᠷᠠᠭᠰᠠᠨ ᠰᠢᠭ

ᠭᠡᠨᠡᠨ ᠴᠠᠭᠠᠨ ᠬᠠᠢ᠌ᠷ᠎ᠠ ᠣᠴᠢᠯᠠᠨ ᠥᠩᠭᠡᠷᠡᠭᠦ᠃


ᠪᠣᠷᠤᠭᠠᠨ ᠦᠭᠡᠶ ᠡᠳᠦᠷ ᠦᠳ ᠭᠢᠭᠡᠳ

ᠪᠣᠷᠴᠠᠭ ᠳᠠᠷᠢᠬᠤ ᠣᠯᠠᠷᠢᠯ

ᠪᠣᠴᠠᠵᠤ ᠢᠷᠡᠭᠦ ᠦᠭᠡᠶ ᠣᠨ ᠰᠠᠷ᠎ᠠ

ᠪᠣᠯᠠᠰᠢᠯᠠᠵᠤ ᠳᠡᠢ᠌ᠯᠭᠦ ᠦᠭᠡᠶ ᠦᠵᠡᠯ ᠰᠠᠨᠠᠭ᠎ᠠ᠃


ᠰᠠᠯᠭᠢᠨ ᠤ ᠴᠢᠭᠯᠡᠯ ᠢ

ᠴᠠᠠᠭ ᠠᠭᠤᠷ ᠮᠡᠳᠡᠭᠡᠯᠡᠵᠤ ᠵᠠᠪᠳᠤᠬᠤ ᠦᠭᠡᠶ ᠴᠤ

ᠰᠠᠶ‍ᠢᠬᠠᠨ ᠥᠩᠭᠡᠷᠡᠭ᠍ᠰᠡᠨ ᠳᠤᠯᠠᠭᠠᠨ ᠤ ᠭᠡᠮᠵᠢᠶ᠎ᠡ ᠵᠢ

ᠭᠠᠵᠠᠷ ᠰᠢᠷᠤᠢ ᠴᠡᠭᠡᠵᠢᠯᠡᠵᠤ ᠠᠮᠵᠢᠬᠤ᠃


ᠵᠠᠮ ᠶᠢᠡᠷ ᠣᠯᠠᠩᠭᠢ ᠳᠤ ᠪᠠᠨ

ᠳᠠᠨᠢᠬᠤ ᠦᠭᠡᠶ ᠭᠦᠮᠤᠨ ᠵᠤᠭᠤᠭ ᠦᠭᠡᠶ ᠥᠩᠭᠡᠷᠡᠭᠦ

ᠵᠠᠬ᠎ᠠ ᠳᠡᠭᠡᠷ᠎ᠡ ᠬᠠᠷᠢᠨ

ᠵᠠᠭᠠᠮ᠎ᠠ ᠦᠭᠡᠶ ᠢᠨᠢᠶᠠᠳᠤ ᠪᠠᠯᠡᠭᠡᠨ ᠣᠭᠳᠤᠬᠤ᠃


ᠦᠨ᠎ᠡ ᠬᠠᠶᠠᠯᠴᠠᠬᠤ

ᠦᠷᠢ ᠨᠡᠭᠡᠯᠴᠡᠭᠦ

ᠥᠩᠭᠡᠷᠡᠭ᠍ᠰᠡᠨ ᠪᠠ ᠣᠳᠤ

ᠡᠭᠦᠯᠡ ᠨᠡᠭᠦᠭᠦ ᠰᠢᠭ᠌ ᠥᠩᠭᠡᠷᠡᠨ ᠤᠳᠬᠤ᠃


ᠭᠡᠷᠡᠮ ᠨᠤᠷᠠᠬᠤ ᠦᠭᠡᠶ ᠪᠣᠯ ᠪᠢᠳᠠ ᠳᠠᠪᠠᠬᠤ ᠥᠭᠡᠢ

ᠭᠡᠰᠡᠭ᠌ ᠭᠡᠰᠡᠭ᠌ ᠡᠭᠦᠳᠡ ᠵᠤᠷᠭᠤᠪᠠᠴᠤ

ᠭᠡᠵᠢᠶ᠎ᠡ ᠡᠭᠦᠷᠢᠳᠡ ᠳᠦᠷᠢᠮᠡᠭᠡᠢ᠌ᠯᠡᠵᠤ ᠴᠢᠳᠠᠬᠤ ᠥᠭᠡᠢ

ᠭᠡᠨ ᠴᠤ ᠮᠠᠳᠠᠵᠤ ᠪᠣᠯᠬᠤ ᠭᠦᠨ ᠣᠬᠠᠭᠠᠨ᠃


        [  ᠬᠤᠷᠢ ᠭᠠᠷᠤᠢ ᠵᠢᠯ ᠤᠨ ᠡᠮᠦᠨᠡᠭᠢ

           ᠳᠠᠰᠤᠭ ᠪᠣᠰᠤᠭ ᠪᠣᠳᠤᠯ  ]

        


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ