☆ ᠵᠦᠩ
ᠨᠠᠮᠤᠷ ᠲᠤ ᠡᠷᠭᠦᠭᠦ ᠤᠶᠠᠩᠭ᠎ᠠ
ᠭᠦᠡᠳᠡᠢ ᠶᠢᠨ ᠵᠡᠷᠭᠡᠯᠭᠡᠨ ᠭᠦᠯᠭᠡ ᠲᠡᠶ ᠨᠠᠰᠤᠨ ᠤ ᠪᠠᠭ᠎ᠠ ᠶᠢᠨ ᠴᠠᠭ ᠳᠤ
ᠭᠦᠳᠡᠷ ᠴᠢᠯᠠᠭᠤ ᠶᠢ ᠠᠮᠢᠯᠠᠭᠤᠯᠵᠤ ᠴᠢᠳᠠᠳᠠᠭ ᠣᠬᠠᠭᠠᠠᠳᠤ ᠡᠪᠦᠭᠡᠳ ᠶᠢᠡᠷ ᠶᠢᠡᠨ ᠪᠠᠬᠠᠷᠬᠠᠳᠠᠭ
ᠭᠦᠰᠡᠯ ᠳᠡᠷᠪᠠᠭᠦᠯᠵᠤ ᠠᠯᠤᠰ ᠤᠨ ᠠᠶᠠᠨ ᠳᠤ ᠮᠤᠷᠳᠠᠬᠤ ᠶᠢᠨ ᠴᠠᠭ ᠳᠤ
ᠭᠦᠮᠤᠨ ᠤ ᠨᠤᠳᠤᠭ ᠡᠴᠠ ᠦᠪᠡᠷ ᠤᠨ ᠨᠤᠳᠤᠭ ᠶᠢᠡᠨ ᠯᠠ ᠵᠦᠷᠢᠭᠦᠯᠵᠤ ᠪᠣᠳᠤᠳᠠᠭ ᠡ
ᠨᠠᠭᠠᠰᠢᠯᠠᠵᠤ ᠪᠠᠢ᠌ᠭ᠎ᠠ ᠠᠮᠢᠳᠤᠷᠠᠯ ᠳᠤ ᠴᠠᠭᠠᠰᠢᠯᠠᠵᠤ ᠪᠠᠢ᠌ᠭ᠎ᠠ ᠶᠠᠭᠤᠮ᠎ᠠ ᠶᠢ ᠬᠠᠷᠠᠮᠯᠠᠭᠠᠤᠨ ᠪᠠᠢ᠌ᠭᠰᠠᠨ ᠴᠤ
ᠨᠠᠮᠤᠷ ᠪᠣᠯᠬᠤ ᠳᠤ ᠵᠠᠯᠠᠭᠤ ᠨᠠᠰᠤ ᠮᠢᠨᠢ ᠨᠢᠰᠴᠤ ᠯᠠ ᠪᠠᠢ᠌ᠭᠰᠠᠨ ᠡ
ᠰᠠᠷ ᠰᠠᠷ ᠰᠠᠯᠭᠢ ᠰᠡᠭᠦᠷᠡᠰᠤ ᠠᠯᠳᠠᠬᠤ ᠮᠠᠳᠤ ᠦᠯᠢᠶᠡᠭᠦ ᠳᠤ ᠯᠠ
ᠮᠠᠯ ᠮᠠᠯ ᠨᠠᠪᠴᠢᠰ ᠨᠢᠯᠪᠣᠰᠤ ᠣᠨᠠᠬᠤ ᠮᠠᠳᠤ ᠵᠢᠷᠦᠭᠡᠨ ᠳᠡᠭᠡᠷ᠎ᠡ ᠮᠢᠨᠢ ᠪᠠᠭᠤᠳᠠᠭ ᠡ
ᠠᠭᠤᠳᠠᠮ ᠬᠤᠷᠸ᠎ᠠ ᠶᠢ ᠬᠠᠢ᠌ᠷ᠎ᠠ ᠪᠠᠷ ᠵᠢᠷᠭᠠᠭᠠᠶ᠎ᠠ ᠭᠡᠵᠤ ᠪᠣᠳᠤᠨᠠᠮ
ᠣᠴᠢᠷᠳᠤ ᠠᠮᠢᠳᠤᠷᠠᠯ ᠢ ᠤᠶᠠᠩᠭ᠎ᠠ ᠪᠠᠷ ᠰᠦᠯᠠᠵᠤ ᠠᠭᠤᠰᠤᠶᠠ ᠭᠡᠨᠡᠮ
ᠣᠭᠤᠷᠠᠭ ᠰᠦ᠋ ᠶᠢᠨ ᠭᠡᠭᠡ ᠮᠠᠳᠤ ᠨᠤᠮ ᠤᠨ ᠲᠦᠪ ᠲᠤ ᠪᠠᠢ᠌ᠬᠤ ᠵᠢᠨ
ᠣᠬᠠᠭᠠᠨ ᠣᠷᠤᠵᠤ ᠠᠮᠵᠢᠭ᠎ᠠ ᠦᠭᠡᠶ ᠯᠠ ᠪᠠᠢ᠌ᠨ᠎ᠠ ᠪᠣᠷᠬᠠᠨ ᠳᠡᠭ᠍ᠷᠢ ᠡ
ᠮᠥᠩᠭᠡ ᠶᠢᠨ ᠶᠠᠭᠤᠮ᠎ᠠ ᠰᠢᠭ ᠬᠤᠷᠸ᠎ᠠ ᠵᠠᠭᠤᠷᠠᠳᠤ ᠶᠢᠨ ᠮᠠᠳᠤ ᠰᠠᠨᠠᠭᠳᠠᠨ᠎ᠠ
ᠮᠦᠷᠦᠭᠡᠳᠦᠯ ᠬᠠᠢ᠌ᠷ᠎ᠠ ᠶᠢᠨ ᠠᠶᠠᠯᠭᠤ ᠰᠦᠨᠠᠰᠤ ᠮᠠᠳᠤ ᠣᠳᠤᠨ᠎ᠠ
ᠮᠡᠷᠭᠡᠳ ᠤᠨ ᠣᠬᠠᠭᠠᠨ ᠵᠠᠭᠤᠨ ᠵᠠᠭᠤᠨ ᠶᠢᠡᠷ ᠰᠡᠯᠪᠢᠭ᠍ᠳᠡᠭ᠍ᠰᠡᠭᠡᠷ ᠯᠠ ᠪᠠᠢ᠌ᠭᠰᠠᠨ ᠴᠤ
ᠮᠠᠠᠳᠤ ᠶᠢᠨ ᠬᠤᠪᠢ ᠲᠡᠶ ᠠᠮᠢᠳᠤᠷᠠᠯ ᠳᠤ ᠮᠢᠨᠤ ᠪᠣᠭᠤᠷᠤᠯ ᠡᠵᠢ ᠯᠠ ᠨᠠᠳᠠ ᠳ᠋ᠤ
ᠨᠠᠮᠤᠷ ᠢ ᠭᠡᠯᠡᠵᠤ ᠦᠭᠭᠦᠭ᠍ᠰᠡᠨ ᠶᠤᠮ ᠳ᠋ᠠ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤ
ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 04 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ