ᠨᠡᠪᠲᠡᠷᠡᠨ ᠤᠷᠤᠬᠤ
ᠠᠮᠢ
ᠬᠢᠵᠠᠭᠠᠷ ᠲᠠᠢ ᠠᠮᠢ ᠨᠠᠰᠤ ᠪᠡᠨ ᠬᠢᠵᠠᠭᠠᠷ ᠦᠭᠡᠢ ᠦᠢᠯᠡᠰ ᠲᠦ ᠵᠣᠷᠢᠭᠤᠯᠤᠭᠠᠷᠠᠢ

ᠡᠰ ᠡᠴᠡ ᠬᠥᠮᠥᠵᠢᠨ

ᠦᠬᠦᠭᠡᠷ ᠲᠦ ᠪᠡᠨ ᠣᠷᠣᠳᠠᠭ

ᠡᠨᠡ ᠶᠢ ᠠᠮᠢ ᠭᠡᠳᠡᠭ

ᠡᠬᠢᠯᠡᠵᠦ ᠢᠷᠡᠭᠡᠳ

ᠡᠷᠭᠢᠭᠡᠳ ᠶᠠᠪᠤᠳᠠᠭ

ᠡᠨᠡ ᠶᠢ ᠠᠮᠢ ᠭᠡᠳᠡᠭ

ᠨᠢᠯᠪᠤᠰᠤ ᠲᠠᠢ ᠢᠷᠡᠵᠦ

ᠵᠣᠪᠠᠭᠤᠷᠢ ᠲᠠᠢ ᠪᠤᠴᠠᠳᠠᠭ

ᠡᠨᠡ ᠶᠢ ᠠᠮᠢ ᠭᠡᠳᠡᠭ

ᠬᠣᠷᠸ᠎ᠠ ᠳ᠋ᠦ ᠭᠠᠭᠴᠠᠬᠠᠨ

ᠬᠣᠪᠣᠷᠬᠠᠨ ᠡᠷᠳᠡᠨᠢ

ᠡᠨᠡ ᠶᠢ ᠠᠮᠢ ᠭᠡᠳᠡᠭ

ᠬᠣᠶᠠᠷ ᠨᠠᠰᠤᠲᠠᠨ

ᠬᠣᠩᠭᠢ ᠴᠡᠭᠡᠵᠢ

ᠡᠨᠡ ᠶᠢ ᠠᠮᠢ ᠭᠡᠳᠡᠭ

ᠬᠣᠩᠭᠣᠷ ᠤᠨ ᠠᠶᠠᠯᠭᠤ

ᠬᠣᠶᠠᠭᠤᠯᠠ ᠶᠢᠨ ᠵᠠᠶᠠᠭ᠎ᠠ

ᠡᠨᠡ ᠶᠢ ᠠᠮᠢ ᠭᠡᠳᠡᠭ

ᠪᠦᠪᠡᠢ ᠶᠢᠨ ᠳᠠᠭᠤ

ᠪᠦᠰᠡᠭᠦᠢ ᠶᠢᠨ ᠬᠦᠦ

ᠡᠨᠡ ᠶᠢ ᠠᠮᠢ ᠭᠡᠳᠡᠭ

ᠪᠥᠭᠲᠥᠷ ᠮᠣᠳᠣ

ᠪᠦᠬᠦᠩ ᠤᠨ ᠢᠨᠵᠠᠭ᠎ᠠ

ᠡᠨᠡ ᠶᠢ ᠠᠮᠢ ᠭᠡᠳᠡᠭ

ᠥᠨᠢᠳᠡ ᠶᠢᠨ ᠶᠠᠭᠤᠮ᠎ᠠ

ᠮᠥᠩᠬᠡ ᠶᠢᠨ ᠵᠦᠢᠯ ᠪᠢᠰᠢ

ᠡᠨᠡ ᠶᠢ ᠠᠮᠢ ᠭᠡᠳᠡᠭ᠃

ᠵᠤᠬᠢᠶᠠᠭᠴᠢ᠄ ᠦᠨᠡᠨᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 32187
ᠴᠠᠭ᠄ 2021 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ