ᠨᠡᠪᠲᠡᠷᠡᠨ ᠤᠷᠤᠬᠤ
ᠡᠷᠡᠭᠦᠯ ᠴᠠᠭᠠᠨ ᠬᠠᠰᠭᠢᠷᠤᠯ


《ᠦᠪᠡᠷ ᠢ ᠪᠠᠨ ᠳᠠᠨᠢᠭᠠᠷᠠᠢ》

ᠡᠷᠳᠡᠨ ᠤ ᠊ᠭ᠍ᠷᠸᠭ᠌ ᠤᠨ ᠠᠫᠣᠯᠯᠦ᠋ ᠰᠠᠭᠢᠭᠤᠯᠤᠰᠤᠨ ᠰᠦᠮ᠎ᠡ ᠶᠢᠨ ᠬᠠᠨᠠᠨ ᠳᠡᠭᠡᠷᠡᠭᠢ ᠰᠤᠷᠭᠠᠯ ᠡᠴᠡ


ᠳ᠋ᠦ᠋ᠩᠰᠢᠭᠤᠷ ᠢᠯᠡᠭᠦᠤ ᠺᠢᠯᠤᠮᠸᠲ᠋ᠷ ᠬᠤᠯᠠᠭᠢ

ᠠᠰᠢᠳᠠ ᠶᠢᠨ ᠭᠡᠷᠡᠯ ᠢ

ᠪᠠᠶ᠎ᠠ ᠳᠡᠭᠡᠷ᠎ᠡ ᠪᠠᠨ ᠣᠢ᠌ᠯᠤᠭᠤᠯᠤᠨ

ᠳᠤᠯᠠᠯᠵᠠᠨ ᠨᠤᠴᠤᠬᠤ ᠨᠠᠷᠠᠨ ᠤ ᠠᠢ᠌ᠮᠠᠭ

ᠪᠢ ᠶᠤᠮ ᠡ ᠭᠡᠤᠨ

《ᠰᠠᠴᠤᠷᠠᠴᠢᠬᠠᠬᠤ》

ᠳᠤᠯᠤᠭᠠᠨ ᠵᠠᠭᠤᠨ ᠤ ᠡᠷᠳᠡ ᠡᠮᠦᠨ᠎ᠡ

ᠴᠤᠤ ᠲᠡᠶ ᠶᠠᠪᠣᠭᠰᠠᠨ

ᠲ᠋ᠡᠦᠭᠡ ᠲᠡᠶ ᠶᠠᠪᠣᠭᠰᠠᠨ

ᠳᠡᠯᠡᠭᠡᠢ ᠶᠢ ᠨᠤᠮᠤᠠᠬᠳᠬᠠᠭᠰᠠᠨ ᠰᠠᠢ᠌ᠨ ᠡᠷ᠎ᠡ

ᠪᠢᠳᠠ ᠶᠤᠮ ᠡ ᠭᠡᠤᠨ

ᠰᠠᠭᠰᠠᠭᠤᠷᠴᠢᠬᠠᠬᠤ

ᠪᠢ ᠳᠤᠷ᠎ᠠ ᠦᠭᠡᠶ ᠡ︕

ᠭᠦᠡᠵᠢᠯᠡ ᠶᠢᠨ ᠶᠢᠡᠨ ᠠᠪᠴᠢᠯᠳᠠ ᠪᠠᠷ

ᠭᠦᠯ ᠶᠢᠡᠨ ᠠᠳᠤᠷᠢᠵᠤ

ᠭᠡᠪᠳᠡᠭᠦ ᠳᠡᠭᠡᠨ ᠬᠠᠶᠠ

ᠭᠦᠭᠡ ᠳᠡᠭ᠍ᠷᠢ ᠶᠢ ᠳᠤᠭᠤᠨᠤ ᠪᠠᠷ

ᠬᠠᠷᠠᠴᠢᠬᠠᠭᠠᠤᠨ

ᠨᠢᠭᠡ ᠳᠠᠯᠪᠢᠭᠤᠷᠠᠴᠢᠬᠠᠬᠤ

ᠳᠡᠷᠳᠡᠭᠡ ᠬᠤᠯᠠ ᠡᠴᠡ

ᠬᠠᠷᠢ ᠮᠤᠵᠢᠳ ᠢ

ᠠᠯᠤᠰᠯᠠᠵᠤ ᠳᠤᠭᠤᠯᠤᠭᠠᠳ

ᠳᠡᠭ᠍ᠷᠢᠯᠢᠭ᠌ ᠪᠣᠭᠳᠠ ᠶᠢᠨ ᠰᠦᠯᠳᠡ ᠳᠤ

ᠮᠥᠷᠭᠦᠴᠢᠭᠡᠭᠡᠤᠨ

ᠨᠢᠭᠡ ᠬᠠᠠᠴᠢᠬᠠᠬᠤ

ᠪᠢ ᠳᠤᠷ᠎ᠠ ᠦᠭᠡᠶ

《ᠰᠠᠢ᠌ᠨ ᠰᠠᠨᠠᠭᠠᠨ ᠳᠤ ᠰᠥ᠋》 ᠭᠡᠭᠦ

ᠭᠠᠭᠴᠠ ᠮᠤᠳᠤᠨ ᠳᠤ

ᠰᠥᠵᠢᠭ᠌ ᠳᠡᠭᠦᠵᠢᠯᠡᠵᠤ

ᠰᠠᠳᠭᠢᠵᠤ ᠳᠤᠩᠭ᠋ᠠᠬᠤ ᠡᠰ ᠶᠢᠡᠨ

ᠰᠤᠬᠤᠷ ᠢᠳᠡᠭᠡᠯ ᠤᠨ

ᠣᠭᠤᠰᠤᠷ ᠲᠤ ᠪᠣᠭᠤᠮᠢᠯᠠᠵᠤ

ᠠᠬ᠎ᠠ ᠳᠡᠭᠦᠤ ᠭᠡᠪᠠᠯ

ᠠᠯᠠᠭ ᠳᠦᠷᠦᠭᠦᠳᠤ ᠪᠠᠨ

ᠪᠠᠯᠡᠭ᠌ ᠲᠤ ᠴᠢᠭᠢᠳᠠᠵᠤ

ᠠᠳᠠᠭ ᠬᠣᠢ᠌ᠨ᠎ᠠ ᠨᠢ

ᠲ᠋ᠠᠩ ᠡᠮ ᠳ᠋ᠡᠭᠡᠨ

ᠭᠦᠯᠭᠡ ᠪᠠᠳᠢᠷᠯᠠᠬᠤ

ᠪᠢ ᠳᠤᠷ᠎ᠠ ᠦᠭᠡᠶ ᠡ︕

《ᠬᠠᠷᠢᠭᠤ ᠲᠡᠶ ᠪᠣᠯ ᠪᠠᠷᠢᠭᠤ ᠲᠡᠶ》

ᠨᠢᠭᠡ ᠯᠠ ᠣᠳᠤ ᠲᠡᠶ

ᠵᠢᠡᠭᠯᠡᠭᠦᠷ ᠳᠠᠩᠨᠠᠵᠤ

ᠬᠠᠷᠢᠴᠠᠯ ᠳᠤᠭᠠᠨ ᠤ ᠣᠢ᠌ᠯᠠᠭᠠᠭᠳᠠᠬᠤᠨ ᠢ

ᠭᠡᠨᠡᠨ ᠣᠬᠠᠮᠰᠠᠷ ᠤᠨ

ᠮᠤᠬᠤᠷ ᠲᠤ ᠳᠦᠭ᠍ᠵᠢᠵᠤ

ᠬᠠᠢ᠌ᠴᠢᠯᠠᠭᠰᠠᠨ ᠨᠤᠤᠰᠤ ᠪᠠᠨ

ᠵᠤᠭᠤᠷᠢᠯᠠᠵᠤ ᠬᠤᠳᠠᠯᠳᠤᠭᠠᠤᠨ

ᠬᠤᠠᠵᠢᠪᠠ ᠪᠢ ᠭᠡᠮᠡᠨ

ᠭᠡᠳᠤ ᠦᠨ᠎ᠡ ᠶᠢᠨ

ᠯᠢᠶᠤᠤᠽᠢ ᠨᠢᠽᠢ ᠳᠤ

ᠣᠯᠤᠭᠰᠠᠨ ᠶᠢᠡᠨ ᠭᠦᠪᠢᠭᠡᠤᠨ ᠰᠤᠷᠳᠤᠭᠤᠯᠠᠬᠤ

ᠪᠢ ᠳᠤᠷ᠎ᠠ ᠦᠭᠡᠶ ᠡ︕

《ᠥᠭᠡᠷ ᠳᠡᠷᠭᠡ ᠳᠠᠤᠯᠠᠢ ᠭᠦᠢᠴᠡᠭᠦ》

ᠡᠪᠦᠭᠡᠤᠨ ᠤᠨ ᠰᠠᠴᠠᠳ ᠢ

ᠥᠭᠦᠨ ᠮᠦᠷᠳᠠᠵᠤ

《ᠣᠷᠤᠯᠳᠤᠭᠠᠨ ᠭᠡᠭᠡᠷ》ᠵᠢᠡᠷ ᠶᠢᠡᠨ

ᠣᠳᠤᠨ ᠳᠠᠭᠠᠭᠤᠯᠢ ᠶᠢᠨ

ᠠᠷᠤ ᠡᠴᠡ ᠴᠤᠭ‍ᠭᠢᠭᠤᠯᠬᠤ ᠳᠠᠭᠠᠨ

《ᠬᠠᠭᠤᠴᠢᠨ ᠭᠦᠤ》ᠵᠢᠨ

ᠠᠢ᠌ᠵᠢᠮ ᠢ ᠯᠠ ᠭᠢᠩᠰᠢᠨ

ᠰᠢᠯᠦᠭ᠌ ᠪᠠᠢ᠌ᠨ᠎ᠠ ᠭᠡᠤᠨ

ᠬᠤᠨᠤᠭ ᠤᠨ ᠮᠠᠷᠭᠠᠰᠢ

ᠪᠦᠭᠦᠷᠭᠡᠨ ᠳᠡᠭᠡᠷ᠎ᠡ ᠪᠠᠨ

ᠰᠤᠭᠳᠤᠭᠤᠷᠠᠵᠤ ᠶᠠᠪᠣᠬᠤ

ᠪᠢ ᠳᠤᠷ᠎ᠠ ᠦᠭᠡᠶ ᠡ︕

《ᠳᠤᠪᠴᠢᠶᠠᠨ》 《ᠵᠢᠩᠭ᠋ᠠᠷ》 ᠤᠨ ᠮᠦᠷ ᠪᠠᠳᠠᠭ ᠶᠢᠡᠷ ᠯᠠ

ᠫᠷᠤᠹᠧᠰᠰᠤᠷ ᠳ᠋ᠤᠺᠲ᠋ᠤᠷ ᠤᠨ

ᠴᠤᠯᠠ ᠳᠡᠵᠢᠭᠡᠵᠤ

ᠲᠦᠷᠦᠯ ᠭᠡᠯᠡᠨ ᠤ《ᠬᠠᠮᠵᠢᠵᠤ》 《ᠱᠥᠷᠭᠦᠭᠦ》ᠪᠠᠷ ᠯᠠ

ᠣᠶᠤᠳᠠᠳ ᠠᠰᠫᠢᠷᠠᠠᠲ᠋ ᠤᠨ

ᠵᠠᠮ ᠴᠠᠢ᠌ᠯᠭᠠᠵᠤ

ᠠᠶᠠᠭᠠᠨ ᠪᠦᠵᠢᠭ᠌ ᠯᠠ

ᠣᠷᠠᠯᠢᠭ ᠤᠨ ᠳᠠᠢ᠌ᠵᠠᠨ ᠳᠤ

ᠡᠷᠭᠢᠯᠳᠦᠭᠰᠡᠭᠡᠷ ᠮᠥᠩᠭᠡᠷᠡᠭᠦ

ᠠᠷᠠᠤᠨ ᠤᠨ ᠳᠠᠭᠤᠤ ᠪᠠᠨ ᠯᠠ

ᠠᠯᠳᠠᠷᠳᠤ ᠳᠠᠭᠤᠴᠢᠨ ᠨᠢ

ᠲ᠋ᠠᠭᠤᠯᠠᠭᠰᠠᠭᠠᠷ ᠭᠦᠭ᠍ᠰᠢᠷᠡᠭᠦ

ᠪᠢ ᠳᠤᠷ᠎ᠠ ᠦᠭᠡᠶ ᠡ︕

《ᠮᠦᠰᠤ ᠬᠤᠭᠤᠯᠤᠭᠰᠠᠨ ᠥᠯᠢᠭᠡᠷ》 ᠊ᠢ

ᠮᠡᠷᠭᠡᠯᠡᠵᠤ ᠨᠢᠭᠡᠨ ᠳᠡᠭᠡᠨ

ᠶᠠᠷᠢᠴᠢᠬᠠᠭᠠᠳ

《ᠮᠤᠳᠤᠨ ᠭᠦᠷᠵᠡ ᠰᠢᠪᠠᠷ ᠲᠤ ᠮᠠᠭᠤ》

ᠵᠠᠪᠰᠠᠷᠳᠠᠵᠤ ᠨᠥᠭᠦᠭᠡ ᠪᠠᠨ

ᠬᠠᠷᠠᠳᠠᠴᠢᠬᠠᠭᠠᠳ

《ᠪᠠᠷᠠᠭᠤᠨ ᠬᠠᠰᠢᠶᠠᠨ ᠤ ᠬᠤᠨᠢ ᠠᠯᠠᠭ》

《ᠵᠡᠭᠦᠨ ᠭᠦᠷᠢᠶᠡᠨ ᠤ ᠢᠮᠠᠭ᠎ᠠ ᠣᠷᠤᠭ》

ᠭᠡᠷᠡᠭ᠌ ᠥᠭᠡᠢ᠌ᠳᠡᠵᠤ

ᠪᠠᠷᠠᠰᠢ ᠦᠭᠡᠶ

ᠵᠢᠳᠦᠭᠡᠷ ᠤᠨ ᠵᠤᠭᠤᠭ ᠢ

ᠲ᠋ᠠᠮᠠᠢ ᠥᠷᠭᠦᠯᠵᠢᠯᠡᠭᠦᠯᠭᠦ

ᠪᠢ ᠳᠤᠷ᠎ᠠ ᠦᠭᠡᠶ ᠡ︕

ᠴᠢᠭᠢ ᠢᠯᠪᠢᠭᠦ

ᠭᠦᠪᠰᠦᠷ ᠠᠶᠠᠰ ᠲᠤ

ᠭᠦᠭᠡᠷᠦᠤ ᠢᠨᠢᠶᠠᠳᠤ ᠣᠷᠤᠰᠬᠠᠨ

ᠴᠢᠭᠡᠴᠢ ᠰᠠᠨᠠᠭᠠᠨ ᠤ

ᠴᠡᠭᠡᠷ ᠤᠨ ᠬᠤᠷ᠎ᠠ ᠳᠤ

ᠭᠦᠢᠳᠡᠨ ᠡᠯᠢᠭᠡ ᠴᠠᠷᠴᠠᠭᠠᠵᠤ

ᠥᠩᠭᠦᠢᠵᠤ ᠣᠨᠠᠳᠠᠯ᠎ᠠ ᠪᠠᠨ

ᠠᠷᠠᠠᠬᠠᠳᠤ ᠪᠠᠶ᠎ᠠ ᠶᠢᠨ

ᠭᠡᠮ ᠢ ᠦᠯᠦ ᠰᠠᠷᠠᠨ

ᠡᠭᠡᠳᠡᠢ ᠪᠣᠤᠳᠠᠢ

ᠠᠪᠰᠠᠨ ᠳᠤ ᠰᠢᠷᠭᠤᠵᠤ

ᠬᠠᠳᠠ ᠳᠡᠷᠡᠯᠡᠭᠦ

ᠪᠢ ᠳᠤᠷ᠎ᠠ ᠦᠭᠡᠶ ᠡ︕


(1988᠂ 7᠂ 11)


ᠵᠤᠬᠢᠶᠠᠭᠴᠢ ᠶᠢᠨ ᠵᠦᠪᠰᠢᠶᠠᠷᠠᠯ ᠶᠢᠡᠷ《ᠡᠷᠡᠭᠦᠯ ᠴᠠᠭᠠᠨ ᠬᠠᠰᠭᠢᠷᠤᠯ》ᠭᠡᠳᠡᠭ᠌ ᠨᠤᠮ ᠡᠴᠡ ᠰᠢᠯᠵᠢᠭᠦᠯᠪᠡ

ᠵᠤᠬᠢᠶᠠᠭᠴᠢ᠄ ᠰ·ᠵᠠᠮᠰᠤ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2792
ᠴᠠᠭ᠄ 2008 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ