ᠨᠡᠪᠲᠡᠷᠡᠨ ᠤᠷᠤᠬᠤ
ᠬᠠᠪᠣᠷ ᠤᠨ ᠭᠠᠯᠠᠭᠤ

ᠨᠠᠢ᠌ᠷᠠᠭ ᠤᠨ ᠴᠡᠩᠭᠡᠷ ᠬᠠᠭᠤᠳᠠᠰᠤᠨ ᠳᠡᠭᠡᠭᠦᠷ ᠴᠢ

ᠰᠢᠯᠦᠭ᠌ ᠤᠨ ᠨᠢᠭᠡᠨ ᠮᠦᠷ ᠮᠠᠳᠤ

ᠥᠩᠭᠡᠷᠡᠨ᠎ᠡ ᠡ

ᠭᠠᠩᠭ᠋ᠠᠷ ᠭᠤᠩᠭ᠋ᠠᠷ ᠠᠶᠠᠯᠭᠤ

ᠴᠠᠷᠴᠠᠭᠤ ᠭᠦᠷᠦᠰᠤ ᠪᠦᠯᠢᠶᠡᠰᠭᠡᠵᠤ

ᠭᠠᠵᠠᠷ ᠤᠨ ᠰᠢᠮ᠎ᠠ ᠡᠷᠢᠨ

ᠡᠪᠠᠰᠤᠨ ᠤ ᠦᠨᠳᠦᠰᠦ ᠨᠤᠭᠦᠳ

ᠭᠦᠶ‍ᠦᠨ᠎ᠡ ᠡ

ᠣᠶᠠᠬᠠᠨ ᠬᠤᠩᠭ᠋ᠤᠷ ᠳᠠᠭᠤᠨ ᠶᠢᠡᠷ

ᠠᠭᠤᠯᠠ ᠳᠠᠯ᠎ᠠ

ᠡᠪᠦᠯ ᠤᠨ ᠵᠡᠭᠦᠳᠤᠨ ᠡᠴᠡ ᠪᠠᠨ ᠰᠠᠷᠠᠵᠤ

ᠣᠷᠭᠤᠬᠤ ᠶᠢᠨ ᠰᠠᠢ᠌ᠬᠠᠨ ᠭᠦᠰᠡᠯ

ᠣᠷᠳᠤ ᠶᠢᠨ ᠨᠢᠭᠡᠨ ᠮᠥᠷᠦᠭᠡᠳᠦᠯ ᠮᠠᠳᠤ

ᠴᠤᠬᠤᠯᠵᠠᠨ᠎ᠠ ᠡ

ᠬᠤᠨ ᠤ ᠡᠯᠢᠭᠡ ᠦᠨᠦᠰᠤᠨ

ᠰᠠᠯᠭᠢᠨ ᠤ ᠭᠦᠯ ᠪᠣᠭᠵᠤᠷᠠᠵᠤ

ᠵᠠᠯ᠎ᠠ ᠳᠠᠳᠠᠭᠰᠠᠨ ᠨᠡᠭᠦᠳᠡᠯ ᠤᠨ ᠮᠦᠷ ᠶᠢᠡᠷ

ᠰᠠᠩᠭᠢ ᠳᠠᠳᠠᠭᠰᠠᠨ ᠬᠤᠷ᠎ᠠ ᠶᠢᠨ ᠠᠮᠢᠰᠬᠤᠯ

ᠣᠢ᠌ᠷᠠᠳᠤᠨ᠎ᠠ ᠡ

ᠭᠦᠷᠦᠰᠢ ᠦᠭᠡᠶ ᠭᠢᠵᠠᠭᠠᠷ ᠲᠤ ᠳᠡᠭᠦᠯᠢᠭᠦ ᠭᠡᠰᠡᠨ

ᠬᠡᠦᠬᠡᠳ ᠠᠬᠤᠢ ᠶᠢᠨ ᠵᠡᠭᠦᠳᠤ ᠭᠦᠪᠦᠷᠡᠭᠦᠯᠵᠤ

ᠬᠤᠩᠭ᠋ᠤᠷ ᠪᠠᠭ᠎ᠠ ᠶᠢᠨ ᠳᠤᠷᠭᠠᠨ ᠪᠠᠢ᠌ᠭᠠᠯᠢ ᠳᠤ

ᠬᠤᠷᠤᠮᠬᠠᠨ ᠵᠠᠭᠤᠷ᠎ᠠ ᠨᠠᠮᠢ᠋ᠢ

ᠪᠣᠴᠠᠭᠠᠨ᠎ᠠ ᠡ

ᠪᠠᠭᠤᠵᠤ ᠵᠤᠰᠠᠬᠤ ᠪᠠᠨ ᠶᠠᠭᠠᠭᠢᠯ᠎ᠠ ᠭᠡᠵᠤ

ᠪᠣᠭᠤᠷᠤᠯ ᠡᠵᠢ ᠶᠢᠨ ᠵᠠᠢ᠌ᠷᠳᠠᠢ ᠨᠢᠳᠤ

ᠮᠢᠩᠭ᠋᠎ᠠ ᠮᠢᠩᠭ᠋ᠠᠨ ᠬᠠᠪᠣᠷ ᠢ ᠳᠤᠭᠤᠯᠵᠤ ᠢᠷᠡᠭ᠍ᠰᠡᠨ

ᠮᠢᠨᠤ ᠨᠤᠳᠤᠭ ᠤᠨ ᠦᠨᠦᠴᠢᠨ ᠨᠠᠭᠤᠷ

ᠪᠠᠷ᠎ᠠ ᠳᠠᠰᠤᠷᠠᠳᠠᠯ᠎ᠠ ᠴᠢᠨᠢ

ᠮᠠᠯᠮᠠᠷᠠᠨ᠎ᠠ ᠡ

ᠳᠡᠷᠳᠡᠭᠡ ᠠᠯᠤᠰ ᠡᠴᠡ ᠰᠢᠪᠠᠭᠤᠳ ᠢᠷᠡᠭᠦ ᠪᠠᠷ

ᠳᠦᠷᠪᠡᠨ ᠴᠠᠭ ᠤᠨ ᠨᠡᠭᠦᠳᠡᠯ ᠶᠢᠡᠨ ᠰᠠᠨᠠᠵᠤ

ᠵᠢᠭᠦᠷ ᠲᠡᠶ ᠪᠣᠯᠬᠤ ᠪᠠᠷ ᠴᠢᠯᠦᠭᠡᠳᠡᠢ ᠶᠤᠮ ᠳ᠋ᠠ ᠭᠡᠵᠤ

ᠮᠠᠨ ᠤ ᠠᠢ᠌ᠯ ᠤᠨ ᠮᠠᠯᠴᠢᠨ ᠠᠪᠣ

ᠬᠠᠰᠢᠶᠠᠨ ᠤ ᠪᠠᠨ ᠳᠡᠷᠭᠡᠳᠡ

ᠪᠣᠳᠤᠯᠭᠠᠰᠢᠷᠠᠨ᠎ᠠ ᠡ

ᠥᠩᠭᠡ ᠨᠢ ᠣᠩᠭ᠋ᠤᠭᠰᠠᠨ ᠬᠠᠭᠤᠴᠢᠨ ᠳᠠᠪᠠᠯ ᠲᠡᠶ ᠴᠤ

ᠥᠷᠭᠡᠨ ᠳᠡᠯᠡᠭᠡᠢ ᠳᠤ ᠬᠠᠨᠠᠭᠠᠷᠬᠠᠨ ᠪᠠᠢ᠌ᠷᠢ ᠲᠡᠶ

ᠮᠤᠳᠤ ᠰᠢᠪᠠᠭᠤᠳ ᠤᠨ ᠳᠤᠤᠯᠢ ᠬᠠᠢ᠌ᠯᠠᠭᠰᠠᠨ

ᠮᠤᠩᠭ᠋ᠤᠯ ᠨᠠᠷ᠎ᠠ ᠲᠡᠶ ᠰᠥᠷᠯᠢᠭ᠌ ᠠᠭᠤᠯᠠᠰ

ᠬᠠᠪᠣᠷ ᠤᠨ ᠶᠢᠡᠨ ᠵᠡᠷᠭᠡᠯᠭᠡᠨ ᠳᠤ

ᠭᠦᠷᠡᠩᠳᠦᠨ᠎ᠡ ᠡ

ᠣᠷᠤᠢ ᠳᠡᠭᠡᠭᠦᠷ

ᠣᠨ ᠵᠢᠯ ᠤᠨ ᠣᠷᠤᠰᠬᠠᠯ

ᠭᠢᠯᠠᠯᠵᠠᠨ ᠥᠩᠭᠡᠷᠡᠨ᠎ᠡ

ᠳᠡᠭ᠍ᠷᠢ ᠶᠢᠨ ᠴᠡᠭᠡᠯ ᠶᠢᠡᠷ

ᠳᠠᠷᠠ ᠬᠤᠯᠠ ᠶᠢᠨ ᠰᠤᠷᠠᠭ

ᠴᠠᠢ᠌ᠯᠵᠠᠨ ᠥᠩᠭᠡᠷᠡᠨ᠎ᠡ

ᠰᠥ᠋ ᠠᠩᠭᠢᠯᠬᠤ

ᠦᠳᠦᠨ ᠴᠠᠭᠠᠨ ᠳᠤᠷᠠᠳᠬᠠᠯ

ᠭᠡᠢ᠌ᠰᠤᠨ ᠥᠩᠭᠡᠷᠡᠨ᠎ᠡ

ᠭᠦ ᠠᠷᠢᠯᠬᠤ

ᠠᠭᠤᠵᠢᠮ ᠳᠡᠨᠢᠭᠦᠨ ᠢᠰᠭᠡᠷᠦᠯ

ᠣᠶᠠᠰᠤᠨ ᠥᠩᠭᠡᠷᠡᠨ᠎ᠡ

ᠳᠤᠷᠭ᠎ᠠ ᠶᠢᠨ ᠮᠠᠳᠤ ᠭᠦᠨ ᠴᠡᠩᠭᠡᠷ ᠶᠢᠡᠷ

ᠳᠤᠭᠤᠰᠤ ᠨᠢ ᠬᠠᠷᠠᠭᠳᠠᠬᠤ ᠦᠭᠡᠶ ᠡᠩᠨᠡᠷᠡᠯ

ᠥᠡᠳᠡᠭᠡᠨ ᠴᠠᠭᠠᠨ ᠥᠩᠭᠡᠷᠡᠨ᠎ᠡ

ᠳᠤᠮᠤᠭ ᠤᠨ ᠮᠠᠳᠤ ᠢᠳᠠ ᠰᠢᠳᠢ ᠪᠠᠷ

ᠳᠤᠭ ᠨᠢ ᠬᠠᠷᠠᠭᠳᠠᠬᠤ ᠦᠭᠡᠶ ᠬᠤᠰᠢᠭᠤᠷᠠᠯ

ᠳᠡᠭ᠍ᠷᠢ ᠶᠢᠨ ᠴᠡᠷᠢᠭ᠌ ᠥᠩᠭᠡᠷᠡᠨ᠎ᠡ

ᠨᠢᠭᠡᠨ ᠵᠠᠭᠤᠨ ᠤ ᠳᠡᠭᠦᠰᠭᠡᠯ ᠮᠠᠳᠤ ᠥᠩᠭᠡᠷᠡᠨ᠎ᠡ

ᠨᠢᠭᠤᠴᠠ ᠳᠤᠪᠴᠢᠶᠠᠨ ᠊ᠤ  ᠥᠷᠭᠦᠯᠵᠢᠯᠡᠯ ᠮᠠᠳᠤ ᠥᠩᠭᠡᠷᠡᠨ᠎ᠡ

ᠳᠤᠤᠷᠯᠠᠭᠳᠠᠰᠢ ᠦᠭᠡᠶ ᠡᠷᠭᠡ ᠴᠢᠯᠦᠭᠡ

ᠳᠠᠢ᠌ᠯᠤᠭᠳᠠᠰᠢ ᠦᠭᠡᠶ ᠨᠡᠭᠦᠳᠡᠯ ᠵᠤᠰᠠᠯ

ᠭᠠᠯᠠᠭᠤᠳ ᠥᠩᠭᠡᠷᠡᠨ᠎ᠡ

ᠭᠠᠭᠴᠠ ᠭᠠᠭᠴᠠ ᠪᠠᠷ ᠪᠢᠰᠢ

ᠰᠥᠷᠦᠭ᠌ ᠰᠥᠷᠦᠭ᠌ ᠶᠢᠡᠷ ᠥᠩᠭᠡᠷᠡᠨ᠎ᠡ

ᠭᠠᠩᠭ᠋ᠠᠷ ᠭᠤᠩᠭ᠋ᠠᠷ ᠠᠶᠠᠯᠭᠤ ᠨᠢ

ᠵᠢᠷᠦᠭᠡᠨ ᠳᠡᠭᠡᠷ᠎ᠡ ᠦᠯᠠᠳᠠᠨ᠎ᠠ ᠡ

ᠨᠠᠢ᠌ᠯᠠᠵᠤ ᠣᠷᠤᠭᠰᠢᠯᠠᠬᠤ ᠨᠢᠭᠡᠳᠦᠯ

ᠳᠦᠭᠡᠷᠢᠵᠤ ᠳᠠᠰᠤᠷᠠᠬᠤ ᠬᠠᠭᠠᠴᠠᠯ

ᠳᠡᠦᠭᠡ ᠶᠢᠨ ᠭᠢᠴᠢᠶᠠᠯ ᠢ

ᠰᠠᠠᠰᠠᠷ ᠲᠤ ᠵᠢᠷᠤᠭᠯᠠᠵᠤ

ᠳᠢᠪ ᠠᠯᠤᠰ ᠢ ᠡᠪᠭᠡᠭ᠍ᠰᠡᠨ ᠭᠦᠯᠦᠭ᠌ ᠤᠨ ᠳᠦᠪᠠᠷᠭᠡᠨ ᠢ

ᠣᠰᠤ ᠠᠭᠠᠷ ᠤᠨ ᠴᠡᠩᠭᠡᠷ ᠳᠤᠯᠭᠢᠶᠠᠨ ᠶᠢᠡᠷ

ᠣᠬᠠᠭᠠᠠᠳᠤ ᠭᠦᠮᠤᠨ ᠤ ᠪᠣᠳᠤᠯ ᠳᠤ

ᠰᠤᠨᠤᠷᠳᠠᠭᠤᠯᠤᠨ᠎ᠠ ᠡ᠃

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2008 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ