ᠨᠡᠪᠲᠡᠷᠡᠨ ᠤᠷᠤᠬᠤ
ᠰᠢᠯᠦᠭ᠌ ᠮᠢᠨᠢ᠂ ᠪᠢ ᠭᠤᠨᠢᠵᠤ ᠪᠠᠢ᠌ᠨ᠎ᠠ

ᠵᠠᠯ᠎ᠠ ᠳᠠᠳᠠᠨ ᠰᠢᠪᠠᠭᠤᠳ ᠪᠣᠴᠠᠯ᠎ᠠ

ᠡᠭᠦᠯᠡᠰ ᠤᠨ ᠨᠠᠮᠠᠭᠠᠨ ᠳᠤ ᠰᠡᠭᠦᠳᠡᠷ ᠨᠢ ᠦᠯᠡᠳᠡᠭ᠍ᠰᠡᠨ ᠥᠭᠡᠢ

ᠠᠭᠤᠯᠠᠰ ᠤᠨ ᠣᠷᠭᠢᠯ ᠳᠤ ᠪᠠᠷ᠎ᠠ ᠨᠢ ᠳᠤᠭᠳᠠᠭᠰᠠᠨ ᠥᠭᠡᠢ

ᠣᠰᠤᠨ ᠤ ᠠᠷ ᠢ ᠳᠠᠭᠠᠯᠠᠨ ᠢᠯᠪᠢᠭ᠍ᠰᠡᠨ ᠠᠯᠳᠠᠨ ᠵᠢᠭᠦᠷ ᠨᠢ

ᠬᠤᠯᠠ ᠶᠢᠨ ᠬᠤᠯᠠ ᠳᠤ᠁

ᠠᠯᠳᠠᠨ ᠵᠢᠭᠦᠷ ᠲᠤ ᠨᠢ ᠮᠦᠷᠦᠭᠡᠳᠦᠯ ᠶᠢᠡᠨ ᠬᠠᠶ‍ᠢᠭᠯᠠᠵᠤ ᠮᠢᠨᠤ ᠭᠤᠨᠢᠭ

ᠠᠯᠤᠰ ᠤᠨ ᠠᠯᠤᠰ ᠲᠤ᠁


ᠨᠠᠮ᠎ᠠ ᠶᠢ ᠣᠢ᠌ᠯᠠᠭᠠᠭᠠᠴᠢ ᠭᠡᠵᠤ ᠭᠡᠨ ᠨᠢᠭᠡᠨ ᠳᠤ ᠪᠢ ᠭᠤᠶᠤᠬᠤ ᠥᠭᠡᠢ

ᠨᠢᠯᠪᠣᠰᠤ ᠮᠢᠨᠢ᠂ ᠪᠢ ᠴᠢᠮ᠎ᠠ ᠶᠢ ᠪᠢᠳᠡᠭᠡᠢ ᠣᠷᠤᠰ ᠭᠡᠵᠤ ᠬᠤᠷᠢᠭᠯᠠᠬᠤ ᠥᠭᠡᠢ

ᠵᠢᠷᠦᠭᠡᠨ ᠤ ᠮᠢᠨᠢ ᠭᠦᠨ ᠡᠴᠠ ᠬᠠᠢ᠌ᠯᠵᠤ ᠣᠷᠤᠰᠤᠭᠰᠠᠨ ᠮᠦᠷ ᠢ ᠪᠠᠯᠠᠯᠬᠤ ᠥᠭᠡᠢ

ᠰᠢᠷᠬ᠎ᠠ ᠮᠢᠨᠢ ᠭᠡᠵᠢᠶᠡᠳᠡ ᠠᠨᠠᠬᠤ ᠥᠭᠡᠢ

ᠰᠢᠯᠦᠭ᠌ ᠮᠢᠨᠢ᠂ ᠪᠢ ᠭᠤᠨᠢᠵᠤ ᠪᠠᠢ᠌ᠨ᠎ᠠ

ᠰᠡᠳᠭᠢᠯ ᠤᠨ ᠡᠮᠵᠡᠭ᠌ ᠬᠤᠷᠤᠮ ᠶᠢᠡᠨ ᠪᠢ ᠴᠢᠮᠠᠳᠤ ᠪᠠᠨ ᠯᠠ ᠶᠠᠷᠢᠵᠤ ᠪᠠᠢ᠌ᠨ᠎ᠠ

ᠳᠡᠩᠳᠡᠭᠦᠤ ᠰᠠᠨᠠᠬᠤ ᠶᠢᠨ ᠵᠤᠪᠠᠨᠢᠯ ᠶᠢᠡᠷ

ᠳᠠᠩᠰᠠᠯᠵᠤ ᠭᠠᠭᠴᠠᠭᠠᠷᠳᠠᠬᠤ ᠶᠢᠨ ᠊ᠭ᠍ᠱᠡᠨ

ᠵᠢᠷᠦᠭᠡᠨ ᠤ ᠪᠠᠨ ᠱᠤᠭᠰᠢᠳᠠᠯ᠎ᠠ ᠣᠭᠢᠯᠠᠬᠤ ᠠᠨᠢᠷ ᠢ ᠪᠢ ᠳᠤᠭᠤᠯᠤᠨ᠎ᠠ

ᠵᠡᠭᠦᠳᠤᠨ ᠤ ᠪᠠᠨ ᠮᠡᠭ᠍ᠰᠢᠳᠡᠯ᠎ᠡ ᠣᠭᠢᠯᠠᠬᠤ ᠴᠢᠮᠡᠭᠡᠨ ᠳᠤ ᠪᠢ ᠰᠤᠴᠢᠨ ᠰᠠᠷᠢᠨ᠎ᠡ

ᠠᠮᠠᠷᠠᠭ ᠮᠢᠨᠢ᠂ ᠬᠠᠵᠠᠭᠤ ᠳᠤ ᠮᠢᠨᠢ ᠴᠢ ᠪᠠᠢ᠌ᠭ᠎ᠠ ᠥᠭᠡᠢ

ᠠᠯᠳᠠᠨ ᠡᠴᠠ ᠴᠤ ᠬᠤᠪᠣᠷᠬᠠᠨ ᠵᠢᠷᠭᠠᠯ ᠮᠢᠨᠢ ᠮᠥᠩᠭᠡ ᠶᠢᠨ ᠪᠠᠢ᠌ᠭ᠎ᠠ ᠥᠭᠡᠢ

ᠨᠢᠳᠤ ᠴᠢᠨᠢ ᠭᠦᠷᠳᠡᠯ᠎ᠡ ᠨᠠᠳᠠᠳᠤ ᠬᠠᠢ᠌ᠷᠠᠳᠠᠢ ᠭᠡᠵᠤ ᠰᠢᠪᠠᠨᠡᠭ᠍ᠰᠡᠨ ᠬᠤᠷᠤᠮ ᠶᠢᠡᠨ ᠪᠢ ᠥᠭᠡᠢ᠌ᠯᠡᠨ᠎ᠡ

ᠥᠭᠡᠢ᠌ᠯᠡᠨ ᠰᠠᠨᠠᠬᠤ ᠳᠤ ᠪᠠᠨ ᠪᠢ

ᠥᠩᠭᠡᠷᠡᠭᠦ ᠴᠠᠭ ᠤᠨ ᠦᠷᠡᠭ᠍ᠳᠡᠯ ᠪᠣᠯᠵᠤ ᠣᠳᠤᠭᠰᠠᠨ

ᠳᠤᠭᠳᠤᠯᠤᠯ ᠪᠦᠭᠦᠨ ᠶᠢᠡᠨ ᠵᠢᠷᠦᠭᠡᠨ ᠳᠠᠯ᠎ᠠ ᠡᠴᠠ ᠪᠠᠨ ᠳᠠᠮᠳᠠᠷᠢᠨ᠎ᠡ

ᠭᠦᠡᠳᠡᠢ᠌ᠭᠡᠨ ᠁

ᠣᠷᠤᠭᠤᠯ ᠤᠨ ᠴᠢᠨᠢ ᠴᠠᠴᠠᠷᠠᠯ ᠰᠠᠠᠴᠢᠭ ᠢᠷᠪᠢᠭᠢᠨᠡᠭᠦᠯᠵᠤ

ᠵᠢᠷᠦᠭᠡ ᠴᠢᠨᠢ ᠠᠯᠠᠭᠠᠨ ᠳᠡᠭᠡᠷ᠎ᠡ ᠳᠦᠭ᠍ᠰᠢᠩᠭᠡᠨ ᠪᠠᠢ᠌ᠭᠰᠠᠨ

ᠬᠠᠯᠠᠭᠤᠨ ᠳᠠᠪᠠᠷᠢᠯᠳᠠ ᠭᠦᠡᠳᠡᠢ᠌ᠭᠡᠨ ᠡ ᠁

2010.9.4



ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ