ᠨᠡᠪᠲᠡᠷᠡᠨ ᠤᠷᠤᠬᠤ
ᠡᠷᠭᠡ ᠭᠦᠤ

《ᠳᠠᠭᠤᠳᠠᠬᠤ ᠨᠠᠷ᠎ᠠ ᠶᠢ ᠠᠪᠣ ᠡᠵᠢ ᠥᠭ᠍ᠳᠡᠭ᠌᠂ ᠳᠠᠭᠤᠷᠢᠰᠬᠤ ᠨᠠᠷ᠎ᠠ ᠶᠢ ᠦᠪᠡᠷ ᠶᠢᠡᠨ ᠣᠯᠳᠠᠭ》 ᠭᠡᠭᠦᠴᠢᠯᠡᠨ ᠳᠡᠭᠦᠨ ᠤ ᠲᠦᠰᠤᠷ ᠢ ᠳᠦᠷᠭᠢᠭᠦᠯᠵᠤ᠂ ᠲᠦᠮᠡᠨ ᠳᠤ ᠮᠡᠳᠡᠷᠡᠭ᠍ᠳᠡᠭ᠍ᠰᠡᠨ ᠴᠤᠯᠠ ᠭᠡᠪᠠᠯ ᠡᠷᠭᠡ ᠭᠦᠤ ᠭᠡᠳᠡᠭ᠌ ᠪᠢᠯᠠ᠃ ᠶᠠᠷᠤ ᠶᠢᠨ ᠥᠭᠡᠨ ᠳᠤ 《ᠵᠡᠷᠭᠡ ᠲᠡᠶ ᠠᠪᠣ ᠶᠢᠨ ᠡᠷᠭᠡ ᠲᠡᠶ ᠭᠦᠤ》 ᠭᠡᠵᠤ ᠭᠡᠯᠡᠳᠡᠭ᠌᠃ ᠭᠡᠳᠡᠯ᠎ᠡ ᠣᠳᠤ ᠭᠤᠴᠢ ᠶᠢ ᠰᠢᠭᠦᠷᠴᠤ ᠶᠠᠪᠣᠭ᠎ᠠ ᠮᠠᠨ ᠤ ᠡᠷ᠎ᠡ ᠪᠠᠶᠠᠤᠨ ᠨᠤᠶᠠᠤᠨ ᠤᠨ ᠭᠦᠤ ᠴᠤ ᠪᠢᠰᠢ᠂ ᠬᠠᠷᠢᠨ ᠪᠠᠷᠤᠭ ᠤᠨ ᠠᠮᠢᠳᠤᠷᠠᠯ ᠲᠡᠶ ᠯᠠ ᠪᠠᠯᠵᠢᠷ ᠠᠪᠣ ᠶᠢᠨ ᠬᠤᠶᠠᠷ ᠭᠦᠤ ᠶᠢᠨ ᠪᠠᠭ᠎ᠠ ᠨᠢ ᠶᠤᠮ᠃

ᠳᠡᠭᠡᠪᠠᠯ ᠡᠷᠭᠡ ᠭᠦᠤ ᠭᠡᠳᠡᠭ᠌ ᠡᠷᠭᠢᠮ ᠳᠢᠳᠠᠮ ᠶᠠᠭᠠᠭᠢᠭᠠᠤᠨ ᠳᠡᠭᠦᠨ ᠳᠤ ᠥᠮᠴᠢᠯᠡᠭ᠍ᠳᠡᠪᠡ︖ ᠳᠠᠷᠠ ᠮᠢᠨᠢ ᠪᠠᠭ᠎ᠠ ᠳᠠᠭᠠᠨ ᠪᠠᠯᠴᠢᠷ ᠠᠪᠣ ᠶᠢᠨ ᠭᠦᠵᠦᠭᠦᠨ ᠳᠤ ᠣᠨᠤᠵᠤ᠂ ᠪᠣᠤᠪᠣ ᠰᠢᠭᠢᠷ ᠶᠢᠡᠷ ᠡᠪᠦᠷ ᠶᠢᠡᠨ ᠳᠦᠭᠦᠷᠭᠡᠵᠤ ᠥᠰᠦᠭ᠍ᠰᠡᠨ ᠪᠠᠷᠭᠡ ᠠᠯᠢᠶ᠎ᠠ ᠭᠡᠦᠭᠡᠤᠨ ᠪᠠᠢ᠌ᠭᠰᠠᠨ ᠳ᠋ᠠᠭ᠃ ᠣᠢ᠌ᠷ᠎ᠠ ᠬᠠᠪᠢ ᠶᠢᠨ ᠥᠵᠡᠭ᠍ᠰᠡᠨ ᠭᠦᠮᠤᠨ ᠠᠮᠢᠳᠠᠨ ᠪᠠᠯᠵᠢᠷ ᠠᠪᠣ ᠶᠢᠨ ᠭᠦᠤ ᠪᠠᠨ ᠠᠮᠠᠨ ᠳᠠᠭᠠᠨ ᠭᠢᠪᠠᠯ ᠬᠠᠢ᠌ᠯᠤᠮᠠᠷ᠂ ᠠᠯᠠᠭᠠᠨ ᠳᠡᠭᠡᠷ᠎ᠡ ᠪᠠᠨ ᠳᠠᠯᠪᠢᠪᠠᠯ ᠪᠦᠮᠪᠦᠷᠢᠮᠡᠷ ᠥᠭᠦᠭᠡᠷᠳᠤᠨ ᠡᠷᠭᠡᠯᠡᠭᠦᠯᠵᠤ ᠪᠠᠢ᠌ᠭ᠎ᠠ ᠳ᠋ᠤᠨᠢ ᠪᠠᠬᠠᠨ ᠡᠭ᠍ᠳᠡᠭᠦᠴᠡᠵᠤ 《ᠭᠡᠦᠭᠡᠤᠨ ᠢ ᠥᠩᠭᠡᠷᠡᠤ ᠡᠷᠭᠡ ᠲᠡᠶ ᠰᠤᠷᠭᠠᠵᠤ ᠪᠠᠢ᠌ᠨ᠎ᠠ》 ᠭᠡᠵᠤ ᠰᠠᠨᠠᠭᠤᠯᠬᠤ ᠳᠤ᠂ ᠳᠠᠳᠠᠨ ᠤ ᠭᠢᠨ ᠶᠠᠷᠤ ᠭᠦᠯᠢᠶᠡᠵᠤ ᠥᠭ᠍ᠳᠡᠭ᠌᠃ 《ᠭᠡᠦᠭᠡᠤᠨ ᠳᠤᠮᠤ ᠪᠣᠯᠴᠢᠬᠠᠪᠠᠯ ᠠᠶᠠᠠᠳᠠᠭᠠᠨ ᠣᠬᠠᠭ᠎ᠠ ᠣᠷᠤᠴᠢᠬᠠᠨ᠎ᠠ》 ᠭᠡᠭᠦ ᠨᠢ ᠪᠠᠯᠴᠢᠷ ᠠᠪᠣ ᠶᠢᠨ ᠠᠮᠠᠨ ᠳᠠᠷᠨᠢ᠃ 《ᠡᠷ᠎ᠡ ᠥᠰᠳᠡᠭ᠌᠂ ᠢᠰᠡᠭᠡᠢ ᠰᠤᠠᠳᠠᠭ》᠃ ᠨᠢᠭᠡ ᠮᠡᠳᠡᠭᠦ ᠳᠤ ᠪᠠᠯᠵᠢᠷ ᠠᠪᠣ ᠶᠢᠨ ᠪᠠᠭ᠎ᠠ ᠭᠦᠤ ᠠᠷᠪᠠᠨ ᠨᠢ᠋ᠮᠠᠨ ᠨᠠᠰᠤᠯᠠᠭᠰᠠᠨ ᠪᠣᠯᠪᠠᠴᠤ ᠠᠵᠢᠯ ᠭᠦᠳᠡᠯᠮᠦᠷᠢ ᠭᠢᠳᠡᠭ᠌ ᠦᠭᠡᠶ ᠡᠷᠭᠡ ᠳᠠᠩᠭᠢ ᠨᠢ ᠪᠠᠷᠭᠡ ᠪᠣᠯᠵᠠᠢ᠃ ᠡᠨᠡ ᠭᠢᠷᠢ᠂ ᠥᠳᠡᠯᠦᠭᠡ ᠨᠠᠰᠤᠳᠠᠢ᠌ᠴᠤᠤᠯ ᠡᠴᠡ ᠠᠪᠣᠭᠠᠤᠨ ᠦᠶ᠎ᠡ ᠳᠠᠩ ᠤᠨ ᠵᠠᠯᠠᠭᠤᠴᠤᠳ ᠭᠦᠷᠳᠡᠯ᠎ᠡ ᠳᠡᠭᠦᠨ ᠢ 《ᠡᠷᠭᠡ ᠭᠦᠤ》 ᠭᠡᠮᠡᠨ ᠳᠠᠭᠤᠳᠠᠵᠤ᠂ ᠬᠤᠴᠢ ᠨᠠᠷ᠎ᠠ ᠪᠠᠷ ᠶᠢᠡᠨ ᠬᠤᠷᠸ᠎ᠠ ᠳᠤ ᠳᠠᠨᠢᠭᠳᠠᠭᠰᠠᠨ ᠠᠵᠤᠭᠤ᠃

ᠵᠠ᠂ ᠡᠷᠭᠡ ᠭᠦᠤ ᠮᠠᠭᠤ ᠨᠢ ᠮᠠᠭᠤ ᠪᠣᠯᠪᠠᠴᠤ ᠬᠠᠷ᠎ᠠ ᠪᠠᠭ᠎ᠠ ᠡᠴᠡ ᠪᠠᠨ ᠪᠦᠭᠡ ᠶᠢᠨ ᠬᠤᠷᠤᠬᠠᠢ ᠲᠡᠶ ᠦᠰᠴᠦ᠂ ᠡᠷ᠎ᠡ ᠶᠢᠨ ᠴᠡᠭᠡᠯ ᠳᠤ ᠭᠦᠷᠦᠮᠡᠭ᠍ᠴᠡ ᠰᠤᠮᠤᠨ ᠤ ᠣᠪᠣᠭᠠᠨ ᠨᠠᠢ᠌ᠷ ᠲᠤ ᠬᠤᠶᠠᠷᠳᠠ ᠳᠦᠷᠦᠭᠦᠯᠦᠭ᠍ᠰᠡᠨ ᠪᠣᠯᠬᠤᠷ ᠡᠷᠭᠡ ᠭᠦᠤ ᠶᠢᠨ ᠨᠠᠷ᠎ᠠ ᠣᠯᠠᠮ ᠭᠠᠵᠠᠷ ᠠᠪᠴᠤ ᠰᠠᠯᠭᠢ ᠳᠠᠳᠠᠭᠰᠠᠨ ᠪᠠᠢ᠌ᠨ᠎ᠠ᠃ ᠡᠷᠭᠡ ᠭᠦᠤ ᠭᠡᠳᠥᠢᠪᠠᠷ ᠰᠤᠷᠭᠠᠭᠤᠯᠢ ᠡᠴᠡ ᠡᠷᠳᠡ ᠵᠤᠭᠰᠤᠵᠤ (ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ)᠂ ᠪᠢᠴᠢᠭ᠌ ᠡᠷᠳᠡᠮ ᠤᠨ ᠮᠦᠷ ᠢ ᠠᠭᠢᠭᠠᠤᠨ ᠣᠯᠵᠤ ᠭᠦᠭᠡᠭᠡᠭ᠍ᠰᠡᠨ ᠦᠭᠡᠶ ᠪᠣᠯᠪᠠᠴᠤ ᠠᠷᠪᠠᠨ ᠶ‍ᠢᠰᠤᠨ ᠨᠠᠰᠤᠯᠠᠮᠠᠭᠴᠠ ᠭᠦᠳᠡᠭᠡ ᠳᠤ ᠳᠤᠭᠳᠠᠳᠠᠭ ᠡᠷ᠎ᠡ ᠪᠢᠰᠢ ᠪᠣᠯᠵᠠᠢ᠃ ᠬᠤᠳᠠ ᠣᠷᠤᠪᠠ᠃ ᠭᠦᠯ ᠥᠢᠮᠡᠭᠡᠨ ᠭᠦᠭ᠍ᠵᠢᠶᠡᠨ ᠱᠤᠤᠭᠢᠶᠠᠨ ᠲᠡᠶ ᠡᠨᠡ ᠭᠠᠵᠠᠷ ᠡᠷᠭᠡ ᠭᠦᠤ ᠳᠠᠭᠤᠤ ᠪᠦᠵᠢᠭ᠌ ᠤᠨ ᠳᠢᠩᠭᠢᠮ᠂ ᠨᠠᠭᠠᠳᠤᠮ ᠳᠤᠭᠯᠠᠭᠠᠮ ᠤᠨ ᠳᠠᠯᠠᠪᠣᠷ ᠶᠢᠡᠷ ᠡᠳᠦᠷᠵᠢᠨ ᠭᠡᠰᠦᠵᠤ ᠨᠢᠳᠤ ᠬᠤᠵᠢᠷᠯᠠᠵᠤ ᠪᠠᠶ᠎ᠠ ᠣᠬᠠᠭ᠎ᠠ ᠳᠠᠢ᠌ᠯᠵᠤ ᠯᠠ ᠪᠠᠢ᠌ᠯ᠎ᠠ᠃ ᠪᠠᠯᠵᠢᠷ ᠠᠪᠣ ᠪᠠᠯᠪᠠ ᠠᠭᠤᠷᠯᠠᠭᠰᠠᠨ ᠪᠣᠯᠪᠠᠴᠤ ᠪᠠᠭ᠎ᠠ ᠭᠦᠤ ᠶᠢᠨ ᠭᠢᠨᠢ ᠪᠠᠷ᠎ᠠ ᠰᠤᠷᠠᠭ ᠣᠳᠠᠳᠠᠯ᠎ᠠ ᠠᠯᠠᠭ᠎ᠠ᠃

ᠬᠠᠭᠠᠰ ᠵᠢᠯ ᠪᠣᠯᠪᠠ᠃ ᠡᠷᠭᠡ ᠭᠦᠤ ᠭᠡᠨᠡᠳᠲᠡ ᠭᠡᠷ ᠲᠡᠭᠡᠨ ᠴᠢᠮᠡᠭᠡ ᠶᠠᠪᠣᠭᠤᠯᠵᠤ᠂ ᠪᠠᠷᠢ ᠪᠠᠭᠤᠯᠭᠠᠬᠤ ᠪᠠᠨ ᠳᠤᠩᠬᠠᠭᠯᠠᠪᠠ᠃ ᠪᠠᠯᠵᠢᠷ ᠠᠪᠣ ᠪᠠ ᠭᠦᠭ᠍ᠰᠢᠨ ᠤ ᠭᠢᠨᠢ ᠨᠢᠳᠤ ᠪᠦᠯᠳᠡᠢ᠌ᠭᠦ ᠶᠢᠨ ᠶᠡᠭᠡ ᠪᠠᠷ ᠪᠦᠯᠳᠡᠢ᠌ᠭ᠍ᠰᠡᠨ ᠪᠣᠯᠪᠠᠴᠤ ᠭᠦᠤ ᠪᠠᠨ ᠭᠡᠷ ᠳᠡᠷᠭᠡ ᠭᠡᠷᠭᠡᠢ ᠭᠡᠦᠭᠡᠤᠨ ᠲᠡᠶ ᠪᠣᠯᠴᠢᠬᠠᠪᠠᠯ ᠭᠦᠯ ᠳᠤᠭᠳᠠᠨᠢᠵᠤ ᠭᠦᠮᠤᠨ ᠰᠢᠭ᠌ ᠠᠮᠢᠳᠤᠷᠠᠬᠤ ᠪᠠᠢ᠌ᠯᠭᠦᠢ ᠭᠡᠮᠡᠨ ᠬᠠᠢ᠌ᠷᠠᠳᠠᠢ ᠠᠷᠠᠯ ᠤᠨ ᠱᠠᠷ ᠶᠢᠡᠨ ᠭᠡᠳᠤᠨ ᠮᠢᠩᠭ᠋ᠠᠨ ᠵᠤᠭᠤᠰ ᠤᠨ ᠦᠨ᠎ᠡ ᠭᠦᠷᠭᠡᠵᠤ᠂ ᠬᠤᠨᠢ ᠲᠡᠶ ᠢᠮᠠᠭ᠎ᠠ ᠲᠡᠶ ᠭᠡᠳᠦᠭᠦᠯᠡ ᠶᠢ ᠬᠤᠮᠢᠵᠤ ᠳᠡᠭᠡᠷ᠎ᠡ ᠨᠢ ᠨᠠᠮᠠᠵᠤ ᠬᠤᠳᠠᠯᠳᠤᠭᠠᠤᠨ ᠭᠦᠳᠡᠭᠡ ᠨᠤᠳᠤᠭ ᠲᠤ ᠪᠠᠨ ᠳᠡᠭᠡᠭᠦᠷ ᠲᠤ ᠳᠤᠭᠠᠴᠠᠭᠳᠠᠬᠤ ᠳᠤᠭᠠᠯᠠᠭᠳᠠᠬᠤ ᠨᠢᠷᠭᠢᠭ᠍ᠰᠡᠨ ᠬᠤᠷᠢᠮ ᠭᠢᠵᠤ ᠥᠭ᠍ᠪᠡ᠃ ᠭᠡᠷ ᠭᠡᠷ ᠤᠨ ᠭᠦᠮᠦᠰ ᠭᠡᠷ ᠤᠨ ᠠᠵᠢᠯ ᠳᠠᠭᠠᠨ ᠶᠠᠭᠠᠷᠤᠯᠳᠤᠨ᠎ᠠ᠂ ᠭᠡᠷᠭᠡᠢ ᠠᠪᠣᠭᠰᠠᠨ ᠡᠷᠭᠡ ᠭᠦᠤ ᠴᠢᠨᠢ ᠺᠧ ᠡᠯ ᠴᠢᠨ ① ᠣᠤᠭᠤᠭᠠᠤᠨ ᠶᠠᠭᠠᠷᠤᠨ᠎ᠠ᠃ ᠡᠷᠭᠡ ᠭᠦᠤ ᠳᠤ ᠥᠭᠡᠳᠡᠯᠡᠭ᠍ᠰᠡᠨ ᠵᠣᠢ᠌ᠯ ᠠᠯᠠᠭ᠎ᠠ᠃ ᠠᠪᠣ ᠡᠵᠢ ᠶᠢᠨ ᠭᠢᠨᠢ ᠡᠯᠡᠨ ᠵᠤᠪᠠᠨ ᠪᠠᠢ᠌ᠵᠤ ᠪᠦᠳᠦᠭᠡᠭ᠍ᠰᠡᠨ ᠡᠷᠭᠡ ᠭᠦᠤ ᠶᠢᠨ ᠬᠤᠷᠢᠮ ᠤᠨ ᠰᠢᠨ᠎ᠠ ᠬᠤᠪᠢᠷᠠᠯᠳᠠ ᠭᠡᠪᠠᠯ ᠠᠳᠠᠯ ᠭᠦᠳᠡᠯᠮᠦᠷᠢ ᠭᠢᠭᠦ ᠦᠭᠡᠶ ᠮᠥᠷᠳᠡᠭᠡᠨ 《ᠬᠤᠭᠤᠯᠠᠢ ᠮᠢᠨᠢ ᠬᠤᠩᠬᠤ᠂ ᠬᠤᠳᠤᠭᠠᠳᠤ ᠮᠢᠨᠢ ᠯᠤᠩᠬᠤ》 ᠭᠡᠮᠡᠨ ᠳᠠᠭᠤᠯᠠᠳᠠᠭ ᠠᠷᠢᠭᠢᠴᠢᠨ ᠪᠣᠯᠤᠭᠰᠠᠨ ᠣᠴᠢᠷ ᠠᠵᠤᠭᠤ᠃

ᠡᠷᠭᠡ ᠭᠦᠤ ᠪᠦᠭᠡᠴᠢᠨ ᠡᠴᠡ ᠠᠷᠢᠭᠢᠴᠢᠨ᠂ ᠠᠷᠢᠭᠢᠴᠢᠨ ᠡᠴᠡ ᠮᠦᠷᠣᠢ᠌ᠴᠢᠨ ᠪᠣᠯᠵᠤ᠂ ᠡᠳᠦᠷᠵᠢᠨ ᠠᠢ᠌ᠯ ᠭᠡᠰᠦᠵᠦ ᠠᠷᠤ ᠭᠡᠷ ᠶᠢᠡᠨ ᠳᠠᠰᠤ ᠮᠠᠷᠳᠠᠵᠤ ᠣᠷᠭᠢᠯ᠎ᠠ᠃ ᠡᠭᠦᠨ ᠡᠴᠡ ᠭᠡᠳᠤᠨ ᠵᠠᠭᠤᠨ ᠳᠦᠭᠦᠷᠢᠭ᠌᠂ ᠳᠡᠭᠦᠨ ᠡᠴᠡ ᠭᠡᠳᠤᠨ ᠮᠢᠩᠭ᠋ᠠᠨ ᠳᠦᠭᠦᠷᠢᠭ᠌ ᠭᠡᠤᠨ ᠣᠯᠠᠠᠳᠠ ᠦᠷᠢ ᠳᠠᠯᠪᠢᠪᠠ᠃ 《ᠦᠷᠢ ᠠᠷᠪᠢᠨ ᠪᠣᠯ ᠦᠭ‍ᠭᠦ ᠪᠠᠨ ᠮᠡᠳᠡᠭᠦ ᠦᠭᠡᠶ᠂ ᠪᠦᠭᠡᠰᠤ ᠠᠷᠪᠢᠨ ᠪᠣᠯ ᠵᠠᠭᠠᠳᠤᠨᠠᠬᠤ ᠪᠠᠨ ᠮᠡᠳᠡᠭᠦ ᠦᠭᠡᠶ》᠃ ᠭᠡᠳᠤᠨ ᠲᠦᠮᠡᠨ ᠳᠦᠭᠦᠷᠢᠭ᠌ ᠤᠨ ᠦᠷᠢ ᠳᠤ ᠣᠨᠠᠭᠰᠠᠨ ᠤ ᠳᠠᠷᠠᠭ᠎ᠠ᠂ ᠡᠷᠭᠡ ᠭᠦᠤ ᠵᠢᠭᠡᠯᠡᠯᠭᠡ ᠶᠢᠨ ᠵᠤᠭᠤᠰ ᠢ ᠳᠠᠨᠢᠬᠤ ᠪᠠᠨ ᠪᠣᠯᠢᠵᠠᠢ᠃ 《ᠳᠡᠭ᠍ᠷᠢ ᠳᠡᠭᠡᠷ᠎ᠡ ᠡᠴᠡ ᠪᠠᠭᠤᠵᠤ ᠢᠷᠡᠭ᠍ᠰᠡᠨ ᠱᠠᠯᠪᠢᠩ ᠬᠠᠮᠢᠭ᠎ᠠ ᠪᠠᠢ᠌ᠨ᠎ᠠ》 ᠭᠡᠳᠡᠭ᠌ ᠶᠢᠡᠷ ᠠᠪᠴᠠᠭᠠᠨ ᠤ ᠡᠵᠡᠨ ᠬᠤᠨᠤᠭ ᠦᠨᠵᠢᠯ ᠦᠭᠡᠶ ᠨᠡᠭᠡᠵᠤ ᠴᠥᠭᠦᠷᠡᠭᠦ ᠳᠡᠭᠡᠨ ᠳᠡᠭᠡᠭ᠍ᠰᠢ ᠵᠠᠭᠠᠯᠳᠤᠵᠤ᠂ ᠡᠷᠭᠡ ᠭᠦᠤ ᠶᠢ ᠬᠤᠶᠠᠷᠳᠠ ᠪᠠᠷᠢᠪᠴᠢᠯᠠᠭᠤᠯᠤᠭᠰᠠᠨ ᠣᠳᠠᠭ᠎ᠠ ᠲᠡᠶ᠃ ᠭᠡᠪᠠᠴᠤ 《ᠦᠭ‍ᠭᠦ ᠵᠤᠭᠤᠰ ᠦᠭᠡᠶ᠂ ᠦᠭ‍ᠭᠦ ᠠᠮᠢ ᠪᠠᠢ᠌ᠨ᠎ᠠ》 ᠭᠡᠳᠡᠭ᠌ ᠭᠦᠮᠤᠨ ᠢ ᠴᠢᠨᠢ ᠶᠠᠭᠠᠭᠢᠨ᠎ᠠ ᠳ᠋ᠠ᠂ ᠣᠳᠠᠭ᠎ᠠ ᠪᠣᠯᠠᠭᠠᠨ ᠬᠠᠭᠠᠰ ᠰᠠᠷ᠎ᠠ ᠶᠢᠨ ᠬᠤᠭᠤᠴᠠᠭ᠎ᠠ ᠲᠡᠶ ᠲᠦᠷ ᠬᠤᠷᠢᠵᠤ ᠭᠦᠳᠡᠯᠮᠦᠷᠢ ᠪᠠᠷ ᠥᠭᠡᠷᠴᠢᠯᠡᠵᠤ ᠪᠠᠢ᠌ᠨ᠎ᠠ ᠭᠡᠤᠨ ᠯᠠ ᠭᠠᠷᠭᠠᠳᠠᠭ ᠣᠬᠠᠭᠠᠠᠳᠠᠢ᠃

ᠣᠳᠤ᠂ ᠡᠷᠭᠡ ᠭᠦᠤ ᠪᠦᠰᠡᠭᠦᠢ ᠭᠡᠦᠭᠡᠤᠨ ᠢ ᠴᠢᠨᠢ ᠠᠷᠤ ᠳᠤᠬᠤᠨ ᠳᠠᠭᠠᠨ ᠬᠠᠶᠠᠵᠤ ᠬᠤᠳᠠ ᠣᠷᠤᠭᠠᠤᠨ ᠬᠤᠶᠠᠷ ᠵᠢᠯ ᠰᠢᠬᠠᠮ ᠪᠣᠯᠵᠤ ᠪᠣᠢ᠃ ᠰᠤᠨᠤᠰᠬᠤᠯᠠᠷ᠂ ᠮᠦᠷᠤᠢ ᠲᠡᠶ ᠳᠤᠭᠯᠠᠭᠠᠮ ᠳᠤ ᠮᠡᠳᠡᠭᠡ ᠦᠭᠡᠶ ᠣᠨᠠᠵᠤ᠂ ᠮᠤᠠᠳᠠᠭ ᠴᠤᠯᠠ ᠪᠠᠨ ᠭᠤᠮᠤᠳᠠᠭᠠᠯ ᠦᠭᠡᠶ ᠪᠠᠳᠠᠷᠠᠭᠤᠯᠵᠤ ᠯᠠ ᠪᠠᠢ᠌ᠨ᠎ᠠ ᠭᠡᠨ᠎ᠡ᠃ ᠨᠤᠳᠤᠭ ᠤᠨ ᠠᠬ᠎ᠠ ᠳᠡᠭᠦᠤ ᠶᠢᠨ ᠬᠤᠪᠢ ᠪᠠᠷ ᠴᠤᠭᠵᠢᠯ ᠳᠡᠭᠦᠨ ᠲᠡᠶ ᠬᠠᠶᠠ ᠬᠠᠶᠠ ᠬᠠᠷᠭᠤᠳᠠᠭ ᠶᠤᠮᠰᠠᠨ᠃ ᠴᠠᠭ ᠢ ᠠᠮᠵᠢᠭᠰᠠᠨ ᠬᠤᠪᠴᠠᠰᠤ ᠵᠠᠰᠠᠯ ᠢ ᠳᠠᠷᠢ ᠳᠡᠭ᠍ᠰᠢ ᠡᠳ᠋ᠯᠡᠵᠤ᠂ ᠪᠠᠭᠡᠵᠢᠩ ᠡᠷᠡᠴᠦᠦᠯ ᠤᠨ ᠡᠭᠦᠷᠳᠡᠭ᠌ ᠬᠠᠷ᠎ᠠ ᠠᠷᠠᠰᠤᠨ ᠪᠣᠭᠴᠤ ᠶᠢ ᠮᠦᠷᠤᠨ ᠳᠤ ᠪᠠᠨ ᠬᠠᠶᠠᠴᠢᠬᠠᠭᠠᠤᠨ ᠣᠪᠣᠭ᠎ᠠ ᠯᠠ ᠵᠢᠪᠬᠤᠭ᠎ᠠ ᠲᠡᠶ ᠬᠠᠷᠠᠭᠳᠠᠨ᠎ᠠ᠃

《ᠶᠠᠮᠠᠷ ᠠᠵᠢᠯ ᠭᠢᠵᠤ ᠪᠠᠢ᠌ᠨ᠎ᠠ ᠳ᠋ᠠ︖》 ᠭᠡᠵᠤ ᠴᠤᠭᠵᠢᠯ ᠨᠠᠭᠠᠳᠤᠮ ᠦᠨᠡᠨ ᠤ ᠬᠤᠭᠤᠷᠤᠠᠳᠤᠭᠤᠷ ᠠᠰᠠᠭᠤᠭᠠᠤᠨ ᠠᠪᠣᠪᠠ᠃

《ᠣᠤ᠂ ᠮᠦᠷᠤᠢ ᠲᠡᠶ ᠳᠤᠭᠯᠠᠭᠠᠮ ᠤᠨ ᠭᠠᠵᠠᠷ ᠠᠵᠢᠯᠯᠠᠵᠤ ᠪᠠᠢ᠌ᠨ᠎ᠠ》 ᠭᠡᠵᠤ ᠡᠷᠭᠡ ᠭᠦᠤ ᠠᠵᠢᠭ ᠥᠭᠡᠢ᠌ᠭᠡᠨ ᠬᠠᠷᠢᠭᠤᠯᠤᠨ᠎ᠠ᠃

《ᠮᠠᠨ ᠤ ᠡᠷᠭᠡ ᠭᠦᠤ ᠶᠢ ᠬᠤᠳᠠ ᠶᠢᠨ ᠵᠤᠴᠢᠳ ᠤᠨ ᠪᠠᠭᠤᠳᠠᠯ ᠤᠨ ᠭᠢᠨ ᠳᠠᠨᠢᠬᠤ ᠦᠭᠡᠶ ᠭᠦᠮᠤᠨ ᠦᠭᠡᠶ᠂ ᠪᠦᠭᠦᠳᠡᠭᠡᠷ 〈ᠰᠤᠮᠤᠨ ᠳᠠᠷᠤᠭ᠎ᠠ〉 ᠭᠡᠵᠤ ᠳᠤᠳᠤᠨᠤᠴᠢᠯᠠᠳᠠᠭ ᠰᠢᠤ》 ᠭᠡᠮᠡᠨ ᠬᠠᠮᠳᠤ ᠶᠠᠪᠣᠭᠰᠠᠤᠨ ᠨᠢ ᠢᠨᠢᠶᠠᠯᠳᠤᠨ᠎ᠠ᠃

ᠳᠦᠷᠦᠭᠦᠭᠡᠨ ᠡᠳᠦᠷ᠂ ᠡᠷᠭᠡ ᠭᠦᠤ ᠲᠡᠶ ᠴᠤᠭᠵᠢᠯ ᠨᠡᠷ ᠬᠤᠭᠤᠯᠠ ᠢᠳᠡᠭᠦ ᠪᠠᠷ ᠪᠣᠯᠤᠯ᠎ᠠ᠃ ᠳᠠᠳᠠ ᠴᠠᠭ ᠪᠠᠴᠢᠮ ᠪᠣᠯᠬᠤ ᠪᠠᠷ ᠳᠦᠭᠦᠮ ᠬᠤᠭᠤᠯᠠ ᠢᠳᠡᠴᠢᠭᠡᠶ᠎ᠡ ᠭᠡᠵᠤ ᠵᠢᠵᠢᠭ᠌ ᠬᠤᠭᠤᠯᠠᠨ ᠭᠡᠷ ᠵᠥᠭ᠌ ᠭᠡᠯᠳᠦᠷᠢᠭᠦ ᠳᠤ᠂ ᠡᠷᠭᠡ ᠭᠦᠤ ᠭᠦᠯᠢᠶᠡᠵᠤ ᠥᠭ᠍ᠳᠡᠭ᠌ ᠪᠢᠰᠢ ᠳ᠋ᠡ᠃ 《ᠬᠠᠮᠢᠭ᠎ᠠ ᠨᠢ ᠪᠣᠯᠪᠠᠴᠤ ᠵᠤᠭᠤᠰ ᠣᠷᠤᠬᠤ ᠨᠢ ᠳᠠᠮᠠᠢ ᠵᠥᠷᠢᠭᠦ ᠦᠭᠡᠶ》 ᠭᠡᠤᠨ ᠯᠠ ᠳᠠᠳᠠᠨᠤᠰ ᠶᠢᠡᠨ 《ᠰᠦᠨᠢᠳ ᠭᠠᠯ ᠳᠤᠭᠤᠭᠠᠨ ᠤ ᠬᠤᠭᠤᠯᠠᠨ ᠭᠡᠷ》 ᠲᠤ ᠴᠢᠷᠦᠭᠡᠤᠨ ᠣᠷᠤᠬᠤ ᠨᠢ ᠳᠠᠷᠠ ᠡ᠃ ᠬᠤᠭᠤᠯᠠᠨ ᠰᠢᠷᠡᠭᠡᠨ ᠳᠡᠭᠡᠷ᠎ᠡ ᠡᠷᠭᠡ ᠭᠦᠤ ᠵᠠᠷᠢᠮ ᠳᠠᠭᠠᠨ ᠡᠳᠦᠷ ᠤᠨ ᠴᠠᠯᠢᠩ ᠮᠢᠩᠭ᠋ᠠᠨ ᠳᠦᠭᠦᠷᠢᠭ᠌ ᠢ ᠭᠡᠳᠦᠷᠢᠳᠡᠭ᠌ ᠭᠡᠵᠤ ᠪᠦᠳᠦᠭᠦᠨ ᠥᠭᠡ ᠳᠠᠯᠪᠢᠭᠰᠠᠨ ᠪᠣᠯᠪᠠᠴᠤ ᠬᠤᠭᠤᠯᠠᠨ ᠳᠠᠩᠰᠠ ᠶᠢ ᠪᠣᠳᠤᠬᠤ ᠦᠶ᠎ᠡ ᠳᠤ ᠬᠠᠷᠠᠵᠤ ᠪᠠᠰᠠ ᠥᠵᠡᠭ᠍ᠰᠡᠨ ᠦᠭᠡᠶ ᠭᠠᠷᠴᠤ ᠶᠠᠪᠣᠪᠠ᠃

ᠭᠠᠢ ᠳᠠᠭᠠᠷᠠᠵᠤ᠂ ᠡᠮᠦᠨ᠎ᠡ ᠭᠡᠳᠤᠨ ᠡᠳᠦᠷ ᠴᠤᠭᠵᠢᠯ ᠡᠷᠭᠡ ᠭᠦᠤ ᠲᠡᠶ ᠪᠠᠰᠠ ᠯᠠ ᠣᠯᠠᠭᠠᠨ ᠬᠠᠯᠵᠠ ᠳᠠᠭᠠᠷᠠᠯᠳᠤᠵᠤ ᠬᠠᠮᠳᠤ ᠳᠠᠭᠠᠨ ᠬᠤᠭᠤᠯᠠᠯᠬᠤ ᠪᠠᠷ ᠪᠣᠯᠤᠯ᠎ᠠ᠃ ᠣᠯᠠᠨ ᠶᠢᠡᠷ ᠶᠢᠡᠨ ᠬᠠᠭᠤᠷᠢᠯᠭ᠎ᠠ᠂ ᠬᠠᠭᠠᠷᠢᠯᠭ᠎ᠠ ᠠᠪᠴᠤ ᠳᠤᠳᠤᠷᠭ᠎ᠠ ᠪᠣᠳᠠᠭ᠎ᠠ ᠢᠳᠡᠭᠦ ᠪᠠᠷ ᠪᠣᠯᠤᠭᠰᠠᠨ ᠰᠢᠤ᠃ ᠭᠡᠳᠡᠯ᠎ᠡ ᠰᠤᠷᠤᠭᠰᠠᠨ ᠵᠠᠩ ᠢ ᠰᠤᠷ ᠶᠢᠡᠷ ᠪᠣᠭᠤᠵᠤ ᠪᠣᠯᠳᠠᠭ ᠦᠦ︖ ᠡᠷᠭᠡ ᠭᠦᠤ ᠪᠠᠰᠠ ᠯᠠ᠄ 《ᠪᠠᠩᠰᠢ ᠢᠳᠠᠶ᠎ᠠ᠂ ᠭᠡᠳᠦᠢ ᠵᠤᠭᠤᠰ ᠯᠠ ᠵᠥᠷᠢᠭᠦ ᠶᠤᠮ ᠳ᠋ᠡ》 ᠭᠡᠤᠨ ᠥᠭᠡᠷ ᠤᠨ ᠮᠢᠬᠠᠨ ᠪᠠᠩᠰᠢ᠂ ᠬᠤᠨᠢᠨ ᠮᠢᠬᠠᠨ ᠪᠠᠩᠰᠢ ᠶᠢ ᠳᠤᠰ ᠳᠤᠰ ᠨᠢᠭᠡ ᠵᠢᠩ ᠵᠠᠭᠢᠶᠠᠯᠠᠭᠠᠤᠨ ᠠᠮᠵᠢᠴᠢᠬᠠᠯ᠎ᠠ ᠳ᠋ᠠ᠃

ᠠᠢ᠂ ᠠᠩᠭ᠋᠎ᠠ ᠪᠠᠭ᠎ᠠ ᠡᠷᠭᠡ ᠭᠦᠤ ᠭᠡᠳᠡᠭ᠌ ᠴᠢᠨᠢ ᠨᠡᠭᠡᠷᠡᠨ ᠠᠮᠠᠷ ᠦᠭᠡᠶ ᠰᠦᠨᠠᠰᠤ ᠳ᠋ᠠ︕ ᠲᠦᠷᠦ ᠳᠤ ᠰᠢ᠌ᠦᠡᠭᠡᠭ᠍ᠳᠡᠵᠤ ᠲᠦᠮᠡᠨ ᠳᠤ ᠭᠤᠯᠤᠭᠳᠠᠵᠤ᠂ ᠳᠦᠷᠦᠭ᠍ᠰᠡᠨ ᠳᠡᠭᠡᠨ ᠵᠢᠭ᠍ᠰᠢᠭ᠍ᠳᠡᠭᠡᠤᠨ ᠪᠠᠰᠠ ᠶᠠᠭᠠᠭᠢᠬᠤ ᠴᠤ ᠦᠭᠡᠶ ᠶᠢ ᠶᠠᠭᠠᠭᠢᠶ᠎ᠠ ᠳ᠋ᠠ᠃ ᠮᠠᠩᠨᠤᠭ ᠳᠠᠯ᠎ᠠ ᠪᠠᠨ ᠴᠢᠮᠡᠭ᠍ᠰᠡᠨ ᠮᠢᠩᠭ᠋ᠠᠨ ᠰᠥᠷᠦᠭ᠌ ᠲᠤ ᠮᠢᠨᠢ ᠡᠷᠭᠡ ᠬᠤᠷᠠᠭ᠎ᠠ ᠣᠯᠠᠨ ᠯᠠ ᠪᠠᠢ᠌ᠭᠠᠰᠠᠢ᠂ ᠬᠠᠷᠢᠨ ᠮᠠᠨ ᠤ ᠣᠢ᠌ᠷ᠎ᠠ ᠲᠦᠰᠤᠷ ᠲᠤ ᠮᠢᠨᠢ ᠡᠷᠭᠡ ᠭᠦᠤ ᠯᠠ ᠪᠣᠤ ᠯᠠ ᠳᠠᠭᠢᠵᠤ ᠭᠠᠷᠤᠭᠠᠰᠠᠢ ᠭᠡᠵᠤ ᠴᠤᠭᠵᠢᠯ ᠯᠠ ᠳᠤᠳᠤᠷ᠎ᠠ ᠪᠠᠨ ᠵᠠᠯᠪᠢᠷᠠᠬᠤ ᠶᠤᠮ᠃


2008.1.1 ᠣᠯᠠᠭᠠᠠᠬᠤᠳᠠᠨ᠎ᠠ᠃


᠊᠊᠊᠊᠊᠊᠊᠊᠊᠊᠊᠊᠊᠊᠊ ① ᠺᠧ ᠡᠯ ᠴᠢᠨ ᠭᠡᠳᠡᠭ᠌ ᠬᠤᠷᠴᠢᠨ ᠤ ᠠᠷᠢᠭᠢ ᠶᠢ ᠵᠢᠭᠠᠵᠠᠢ᠃


ᠬᠠᠶ‍ᠢᠭ᠄ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ

ᠵᠤᠬᠢᠶᠠᠭᠴᠢ᠄ ᠮᠠᠠᠳᠤᠬᠤ
ᠢᠷᠡᠯᠲᠡ᠄ ᠮᠠᠠᠳᠤᠬᠤ
ᠬᠠᠷᠢᠶ᠎ᠠ᠄ ᠥᠭᠥᠯᠡᠯᠭᠡ
ᠳᠠᠷᠤᠮ᠄ 9241
ᠴᠠᠭ᠄ 2008 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ