☆ ᠪᠠ᠊·ᠤᠶᠤᠨᠴᠡᠴᠡᠭ᠌
ᠬᠠᠰ ᠤᠨ ᠴᠠᠭᠠᠨ ᠳᠤᠷᠠᠰᠤᠮᠵᠢ
ᠶᠠᠭᠠᠨ ᠳᠤᠩᠭ᠋ᠠᠯᠠᠭ ᠰᠠᠷᠠᠨ
ᠭᠡᠯᠳᠡᠷᠭᠡᠢ ᠪᠠᠢ᠌ᠭᠰᠠᠨ ᠦᠭᠡᠶ ᠶᠢ ᠰᠠᠨᠠᠵᠤ
ᠶᠠᠭᠠᠷᠠᠤᠬᠠᠨ ᠢᠯᠳᠠᠮ ᠴᠡᠴᠡᠭᠡᠰ
ᠵᠤᠯᠭᠠᠷᠠᠵᠤ ᠪᠠᠢ᠌ᠭᠰᠠᠨ ᠦᠭᠡᠶ ᠶᠢ ᠳᠤᠷᠠᠰᠴᠤ
ᠢᠨᠠᠭ ᠤᠨ ᠴᠠᠭᠠᠨ ᠥᠭᠡᠰ
ᠬᠤᠳᠠᠯ ᠪᠠᠢ᠌ᠭᠰᠠᠨ ᠦᠭᠡᠶ ᠶᠢ ᠰᠠᠨᠠᠵᠤ
ᠢᠯᠳᠠᠮᠬᠠᠨ ᠡᠮᠵᠡᠭ᠌ ᠵᠢᠷᠦᠭᠡ
ᠳᠦᠭ᠍ᠰᠢᠩᠭᠡᠨ ᠪᠠᠢ᠌ᠵᠤ ᠳᠤᠷᠠᠰᠤᠯ᠎ᠠ᠃
ᠨᠠᠮᠤᠷ ᠤᠨ ᠪᠣᠴᠠᠬᠤ ᠰᠢᠪᠠᠭᠤ
ᠭᠤᠨᠢᠭ ᠦᠭᠡᠶ ᠪᠠᠢ᠌ᠭᠠᠰᠠᠢ ᠭᠡᠵᠤ
ᠨᠠᠭᠤᠷ ᠲᠠᠭᠠᠨ ᠰᠢᠳᠡᠭᠦ ᠴᠢᠯᠠᠭᠤ
ᠣᠨᠤᠴᠠ ᠦᠭᠡᠶ ᠪᠠᠢ᠌ᠭᠠᠰᠠᠢ ᠭᠡᠵᠤ
ᠴᠢᠮᠡᠭᠡ ᠦᠭᠡᠶ ᠢᠷᠡᠭᠦ ᠵᠡᠭᠦᠳᠤ
ᠦᠨᠢᠳᠠ ᠶᠢᠨ ᠪᠠᠢ᠌ᠭᠠᠰᠠᠢ ᠭᠡᠵᠤ
ᠣᠶᠠᠬᠠᠨ ᠬᠤᠩᠭ᠋ᠤᠷ ᠬᠠᠢ᠌ᠷ᠎ᠠ
ᠨᠢᠯᠬᠠᠷᠠᠨ ᠪᠠᠢ᠌ᠵᠤ ᠳᠤᠷᠠᠰᠤᠯ᠎ᠠ᠃
ᠳᠤᠭᠤᠨᠤ ᠪᠠᠷ ᠭᠢᠯᠠᠯᠵᠠᠬᠤ ᠣᠳᠤᠳ ᠢ
ᠴᠢᠨᠤᠭᠢ ᠪᠠᠨ ᠰᠠᠢ᠌ᠬᠠᠨ ᠨᠢᠳᠤ ᠭᠡᠵᠤ
ᠳᠡᠷᠭᠡᠳᠡᠭᠦᠷ ᠡᠷᠭᠢᠯᠳᠦᠭᠦ ᠡᠷᠪᠠᠭᠡᠢ ᠶᠢ
ᠬᠠᠢ᠌ᠷ᠎ᠠ ᠶᠢᠨ ᠰᠠᠢ᠌ᠬᠠᠨ ᠵᠠᠭᠢᠶ᠎ᠠ ᠭᠡᠵᠤ
ᠪᠣᠷᠤᠭᠠᠨ ᠤ ᠳᠠᠷᠠᠭᠠᠭᠢ ᠳᠠᠯ᠎ᠠ ᠶᠢ
ᠴᠢᠨᠤᠭᠢ ᠪᠠᠨ ᠰᠠᠢ᠌ᠬᠠᠨ ᠰᠡᠳᠭᠢᠯ ᠭᠡᠵᠤ
ᠪᠣᠷᠤᠬᠠᠨ ᠬᠠᠢ᠌ᠷ᠎ᠠ ᠶᠢᠨ ᠵᠢᠷᠦᠭᠡ ᠮᠢᠨᠢ
ᠳᠤᠭᠳᠤᠯᠤᠨ ᠪᠠᠢ᠌ᠵᠤ ᠳᠤᠷᠠᠰᠤᠯ᠎ᠠ᠃
ᠬᠠᠠᠴᠤᠢ ᠳᠠᠭᠠᠨ ᠵᠠᠯᠪᠠᠷᠢᠳᠠᠭ ᠰᠢᠳᠦᠭᠡᠨ ᠮᠢᠨᠢ
ᠨᠢᠳᠤ ᠲᠡᠶ ᠪᠣᠯᠤᠭᠠᠰᠠᠢ ᠭᠡᠵᠤ
ᠭᠢᠷᠠᠭᠤ ᠣᠨᠠᠭ᠎ᠠ ᠦᠭᠡᠶ ᠰᠡᠳᠭᠢᠯ
ᠰᠡᠪᠳᠦᠭᠡ ᠦᠭᠡᠶ ᠪᠠᠢ᠌ᠭᠠᠰᠠᠢ ᠭᠡᠵᠤ
ᠣᠨᠠᠭᠠᠨ ᠬᠠᠢ᠌ᠷ᠎ᠠ ᠶᠢᠨ ᠵᠢᠷᠦᠭᠡ
ᠣᠶᠠᠷᠠᠨ ᠪᠠᠢ᠌ᠵᠤ ᠳᠤᠷᠠᠰᠤᠯ᠎ᠠ᠃
ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2008 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ