☆ ᠡ᠊·ᠳᠠᠮᠤᠷ
ᠬᠠᠪᠣᠷ ᠤᠨ ᠰᠠᠯᠭᠢ ᠬᠠᠪᠢᠷᠭ᠎ᠠ ᠨᠠᠪᠳᠠ
ᠬᠤᠯᠠ ᠶᠢᠨ ᠴᠡᠩᠭᠡᠷ ᠵᠡᠷᠭᠡᠯᠭᠡᠨ ᠮᠢᠷᠠᠯᠵᠠᠭᠰᠠᠭᠠᠷ
ᠬᠤᠨᠤᠭ ᠤᠨ ᠣᠯᠠᠨ ᠵᠡᠭᠦᠳᠤᠨ ᠳᠤ ᠰᠢᠩᠭᠡᠨ᠎ᠡ
ᠬᠤᠴᠤᠷᠤᠯ ᠤᠨ ᠣᠯᠠᠨ ᠭᠤᠨᠢᠶᠠᠯ ᠵᠠᠩᠭᠢᠳᠤᠭᠰᠠᠭᠠᠷ
ᠬᠤᠠᠳᠠᠭᠠᠨ ᠳᠤ ᠤᠢ᠌ᠴᠢᠵᠤ ᠰᠤᠭᠳᠤᠭᠤ ᠵᠠᠢ᠌ᠷᠳᠤᠨᠠ
ᠲ᠋ᠡᠭᠡᠳᠦᠰ ᠤᠨ ᠣᠯᠠᠨ ᠳᠡᠦᠭᠡ ᠰᠡᠮᠡᠷᠡᠭ᠍ᠰᠡᠭᠡᠷ
ᠭᠠᠷᠴᠠᠭ ᠦᠭᠡᠶ ᠳᠤᠮᠤᠭ ᠪᠣᠯᠵᠤ ᠣᠩᠰᠢᠭᠳᠠᠨ᠎ᠠ
ᠳᠡᠨᠡᠭ᠌ ᠮᠤᠨᠤᠭ ᠪᠣᠳᠤᠯ ᠤᠨ ᠥᠵᠦᠭᠦᠷ ᠡᠴᠡ
ᠳᠤᠭᠠᠨ ᠤ ᠣᠯᠠᠨ ᠳᠤᠮᠢᠶ᠎ᠠ ᠰᠢᠭ ᠮᠠᠷᠳᠠᠭᠳᠠᠨᠠ
ᠣᠴᠢᠯᠠᠨ ᠬᠠᠷᠪᠣᠭᠰᠠᠨ ᠰᠤᠯᠢᠷ ᠤᠨ ᠬᠣᠢ᠌ᠨ᠎ᠠ ᠡᠴᠡ
ᠪᠢᠳᠠ᠂ ᠳᠠᠭᠠᠳᠬᠠᠬᠤ ᠵᠤᠷᠰᠢᠯ ᠦᠭᠡᠶ
ᠥᠩᠭᠡᠷᠡᠭ᠍ᠰᠡᠨ ᠣᠯᠠᠨ ᠡ᠊ᠨᠳᠡᠭᠦᠷᠡᠯ ᠤᠨ ᠴᠤᠩᠬᠤ ᠶᠢ
ᠪᠢᠳᠠ᠂ ᠰᠡᠭᠦᠭᠦ ᠦᠭᠡᠶ ᠪᠠᠢ᠌ᠵᠤ ᠴᠢᠳᠠᠬᠤ ᠦᠭᠡᠶ
ᠬᠠᠤᠯᠢ ᠵᠢᠮ᠎ᠠ ᠪᠠᠨ ᠠᠯᠳᠠᠯ᠎ᠠ ᠭᠡᠵᠤ ᠪᠠᠢ᠌ᠭᠠᠯᠢ ᠪᠠᠨ ᠪᠢᠳᠡᠭᠡᠢ ᠵᠢᠮᠠᠯᠠ
ᠬᠤᠪᠢᠠᠴᠢᠷ ᠪᠣᠳᠤᠯ ᠡᠴᠡ ᠴᠢᠨᠢ ᠪᠣᠯᠪᠠᠰᠤᠷᠠᠭᠰᠠᠨ ᠵᠢᠮᠢᠰ ᠪᠠᠢ᠌ᠭ᠎ᠠ ᠶᠤᠮ
ᠡᠵᠡᠨ ᠮᠦᠰᠤ ᠲᠡᠶ ᠪᠠᠶ᠎ᠠ ᠳᠤ ᠪᠠᠨ ᠪᠣᠭᠤᠯ ᠰᠦᠰᠦ ᠲᠡᠶ ᠶᠠᠪᠣ ᠭᠡᠭᠦ
ᠬᠠᠳᠠᠭᠤᠬᠠᠨ ᠠᠮᠢᠳᠤᠷᠠᠯ ᠤᠨ ᠵᠠᠭᠢᠶ᠎ᠠ ᠪᠠᠢ᠌ᠭ᠎ᠠ ᠶᠤᠮ
ᠡᠯᠡᠰᠦᠷᠭᠡᠵᠤ ᠳᠠᠴᠢᠷᠳᠠᠯᠠ ᠭᠡᠵᠤ ᠨᠤᠳᠤᠭ ᠶᠢᠡᠨ ᠪᠢᠳᠡᠭᠡᠢ ᠭᠤᠯᠤ
ᠡᠯᠡᠰᠤ ᠪᠠᠷ ᠶᠢᠡᠨ ᠪᠢᠳᠠᠨ ᠢ ᠬᠠᠭᠤᠷᠠᠢ᠌ᠯᠠᠵᠤ ᠥᠰᠭᠡᠭ᠍ᠰᠡᠨ ᠶᠤᠮ
ᠡᠪᠦᠭᠡᠷᠡᠵᠤ ᠵᠥᠨᠦᠴᠢᠭᠡᠯᠡ ᠭᠡᠵᠤ ᠨᠠᠰᠤᠳᠠᠤᠨ ᠶᠢᠡᠨ ᠪᠢᠳᠡᠭᠡᠢ ᠴᠦᠯᠠ
ᠡᠯᠢᠭᠡᠨ ᠳᠤ ᠪᠠᠨ ᠳᠠᠪᠠᠷᠢᠵᠤ ᠭᠦᠮᠤᠨ ᠪᠣᠯᠬᠤ ᠳᠤ ᠭᠦᠳᠦᠯᠦᠭ᠍ᠰᠡᠨ ᠶᠤᠮ
ᠴᠡᠭᠡᠯ ᠨᠢ ᠬᠠᠳᠠᠭᠰᠠᠨ ᠴᠤ ᠴᠡᠭᠡᠵᠢᠨ ᠳᠤ ᠪᠠᠨ ᠰᠢᠳᠤᠵᠤ ᠪᠠᠢ᠌ᠶ᠎ᠠ
ᠷᠠᠰᠢᠶᠠᠨ ᠪᠣᠯᠵᠤ ᠮᠠᠨᠤᠰ ᠢ ᠳᠤᠷᠨᠢᠭᠤᠯᠤᠭᠰᠠᠨ ᠶᠤᠮ
ᠴᠡᠩᠭᠡᠯ ᠭᠦᠰᠡᠭᠡᠳ ᠭᠠᠳᠠᠭᠰᠢ ᠪᠠᠨ ᠳᠤᠳᠠᠭᠤ ᠭᠦᠶᠦᠯᠳᠦᠶᠡ
ᠨᠡᠭᠦᠳᠡᠯ ᠤᠨ ᠵᠢᠮ᠎ᠠ ᠡᠢ᠌ᠮᠤ ᠪᠢᠰᠢ ᠪᠠᠢ᠌ᠳᠠᠭ ᠶᠤᠮ
ᠰᠤᠬᠤᠷ ᠨᠤᠮᠤᠨ ᠰᠢᠭ ᠭᠦᠷᠦᠰᠤ ᠪᠠᠨ ᠪᠢᠳᠡᠭᠡᠢ ᠭᠦᠡᠳᠡᠢ᠌ᠯᠡᠶᠡ
ᠨᠤᠳᠤᠭ ᠣᠰᠤᠨ ᠤ ᠮᠢᠨᠢ ᠰᠠᠭᠢᠭᠤᠰᠤ ᠨᠢᠯᠪᠣᠰᠤᠷᠠᠬᠤ ᠶᠤᠮ
ᠰᠠᠯᠭᠢ ᠰᠢᠭᠤᠷᠭ᠎ᠠ ᠶᠢ ᠦᠯᠳᠠᠵᠤ ᠬᠠᠯᠬᠠᠪᠴᠢ ᠣᠷᠭᠤᠭᠤᠯᠤᠶ᠎ᠠ
ᠠᠭᠤᠯᠠ ᠳᠠᠯ᠎ᠠ ᠶᠢᠨ ᠮᠢᠨᠢ ᠭᠡᠢ᠌ᠮᠦᠷᠢ ᠰᠡᠷᠭᠦᠭᠦ ᠶᠤᠮ
ᠠᠯᠬᠤᠮ ᠪᠦᠷᠢ ᠪᠠᠨ ᠯᠠᠪᠳᠠᠭᠤᠨ ᠰᠢᠭ ᠭᠢᠰᠭᠢᠪᠠᠯ
ᠵᠠᠮ ᠶᠠᠷᠤᠨᠢ ᠰᠢᠯᠤᠭᠤᠨ ᠪᠠᠢ᠌ᠳᠠᠭ ᠶᠤᠮ
ᠠᠶᠠᠨ ᠶᠢᠡᠨ ᠬᠠᠷᠢᠨ ᠪᠣᠷᠤᠭᠤ ᠡᠭᠢᠯᠡᠭᠦᠯᠴᠢᠭᠡᠪᠠᠯ
ᠠᠮᠢᠳᠤᠷᠠᠯ ᠶᠠᠷᠤᠨᠢ ᠬᠠᠳᠠᠭᠤᠬᠠᠨ ᠪᠠᠢ᠌ᠳᠠᠭ ᠶᠤᠮ
ᠡᠩᠭᠡᠷ ᠭᠠᠵᠠᠷ ᠤᠨ ᠨᠤᠭᠤᠭ᠎ᠠ ᠡᠷᠳᠡ ᠣᠷᠭᠤᠳᠠᠭ ᠪᠣᠯᠪᠠᠴᠤ
ᠡᠭᠡᠯᠵᠢᠯᠡᠭᠦ ᠨᠠᠮᠤᠷ ᠤᠨ ᠭᠢᠷᠠᠭᠤ ᠴᠤ ᠡᠷᠳᠡ ᠣᠨᠠᠳᠠᠭ ᠵᠢᠮ᠎ᠠ ᠲᠡᠶ ᠶᠤᠮ
ᠦᠷᠦᠭᠡᠯ ᠢ ᠳᠠᠭᠠᠵᠤ ᠳᠡᠷᠪᠠᠭᠡᠳ ᠡ᠊ᠨᠳᠡᠭᠦᠷᠡᠭ᠍ᠰᠡᠨ ᠶᠢᠡᠨ ᠳᠠᠨᠢᠵᠤ ᠮᠡᠳᠡᠭ᠍ᠰᠡᠨ ᠴᠤ
ᠦᠪᠡᠷ ᠶᠢᠡᠨ ᠣᠨᠠᠭᠰᠠᠨ ᠬᠡᠦᠬᠡᠳ ᠣᠭᠢᠯᠠᠳᠠᠭ ᠦᠭᠡᠶ ᠶᠤᠰᠤᠳᠠᠢ ᠶᠤᠮ ᠡ︕
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ