☆ ᠣᠷᠭᠢᠯᠤᠮ᠎ᠠ
ᠭᠦᠰᠡᠯ
ᠬᠠᠪᠣᠷ ᠤᠨ ᠠᠭᠤᠷ ᠭᠠᠵᠠᠷ ᠤᠨ ᠰᠤᠳᠠᠰᠤᠨ ᠳᠤ ᠯᠤᠭᠰᠢᠨ᠎ᠠ
ᠬᠠᠷᠢᠶᠠᠴᠢ ᠰᠢᠪᠠᠭᠤᠨ ᠳᠤ ᠭᠠᠵᠠᠷᠯᠠᠬᠤ ᠭᠦᠰᠡᠯ ᠭᠦᠪᠦᠷᠡᠨᠡ
ᠬᠠᠭᠤᠴᠢᠨ ᠨᠤᠳᠤᠭ ᠠᠯᠤᠰ ᠪᠠᠢ᠌ᠬᠤ ᠠᠳᠠᠯ᠎ᠠ
ᠬᠤᠨᠤᠭ ᠤᠨ ᠵᠡᠭᠦᠳᠤᠨ ᠳᠤ ᠳᠠᠷᠠ ᠯᠠ ᠨᠤᠳᠤᠭ ᠬᠠᠯᠠᠭᠤᠨ
ᠬᠤᠯᠠ ᠶᠢᠨ ᠣᠷᠤᠨ ᠨᠢᠳᠤᠨ ᠬᠠᠷᠠᠭ᠎ᠠ ᠮᠤᠬᠤᠭᠠᠨᠠ
ᠬᠤᠨ ᠰᠢᠪᠠᠭᠤ ᠭᠦᠰᠡᠯ ᠤᠨ ᠵᠢᠭᠦᠷ ᠶᠢᠡᠨ ᠳᠡᠯᠭᠡᠨ᠎ᠡ
ᠬᠠᠨ ᠳᠡᠯᠡᠭᠡᠢ ᠠᠭᠤᠵᠢᠮ ᠪᠠᠢ᠌ᠬᠤ ᠠᠳᠠᠯ᠎ᠠ
ᠬᠤᠪᠳᠤᠯ ᠵᠢᠷᠦᠭᠡᠨ ᠳᠤ ᠳᠠᠷᠠ ᠯᠠ ᠨᠤᠳᠤᠭ ᠡᠭᠡᠯᠢᠳᠡᠢ
ᠲ᠋ᠠᠷᠠ ᠨᠤᠳᠤᠭ ᠤᠨ
ᠳᠡᠭ᠍ᠷᠢ ᠨᠢ ᠭᠦᠯᠢ ᠭᠦᠭᠡ
ᠳᠠᠯ᠎ᠠ ᠨᠢ ᠴᠠᠯ ᠨᠤᠭᠤᠭᠠᠨ
ᠲ᠋ᠠᠷᠠ ᠨᠤᠳᠤᠭ ᠤᠨ
ᠰᠦᠷᠦᠭ᠌ ᠨᠢ ᠨᠡᠯᠦᠭᠡᠷ ᠳᠠᠯᠠᠢ
ᠰᠦ᠋ ᠨᠢ ᠣᠠᠳᠤᠷᠤᠮᠠᠯ ᠪᠣᠯᠠᠭ
ᠲ᠋ᠠᠷᠠ ᠨᠤᠳᠤᠭ ᠤᠨ
ᠠᠭᠠᠷ ᠨᠢ ᠴᠠᠪᠠᠷ ᠱᠠᠩᠳᠠᠭᠤᠨ
ᠠᠷᠠᠤᠨ ᠨᠢ ᠰᠠᠨᠠᠭ᠎ᠠ ᠴᠠᠢ᠌ᠯᠭᠠᠨ
ᠲ᠋ᠠᠷᠠ ᠨᠤᠳᠤᠭ ᠲᠤ
ᠬᠤᠤᠰᠯᠠᠵᠤ ᠵᠢᠷᠭᠢᠭ᠍ᠰᠡᠨ ᠬᠠᠨᠢ ᠲᠡᠶ ᠪᠠᠢ᠌ᠭᠰᠠᠨ
ᠬᠤᠪᠢᠳᠠᠵᠤ ᠵᠠᠶᠠᠭᠠᠭᠰᠠᠨ ᠳᠡᠭ᠍ᠳᠡᠭᠡᠢ ᠲᠡᠶ ᠪᠠᠢ᠌ᠭᠰᠠᠨ
ᠬᠤᠷᠸ᠎ᠠ ᠳᠤ ᠬᠤᠤᠰ ᠦᠭᠡᠶ ᠦᠷᠦᠭᠡ ᠲᠡᠶ ᠪᠠᠢ᠌ᠭᠰᠠᠨ
ᠲ᠋ᠠᠷᠠ ᠨᠤᠳᠤᠭ ᠳᠤ
ᠦᠯᠦᠨ ᠭᠠᠴᠢᠭ ᠦᠭᠡᠶ ᠡᠯᠪᠠᠭ᠌ ᠠᠮᠢᠳᠤᠷᠠᠭᠰᠠᠨ
ᠦᠰᠳᠠᠨ ᠭᠠᠢ ᠦᠭᠡᠶ ᠡᠩᠭᠡ ᠠᠮᠢᠳᠤᠷᠠᠭᠰᠠᠨ
ᠡᠮᠭᠡᠨᠢᠯ ᠦᠭᠡᠶ ᠡᠯᠢᠭᠡ ᠪᠦᠳᠤᠨ ᠠᠮᠢᠳᠤᠷᠠᠭᠰᠠᠨ
ᠲ᠋ᠠᠷᠠ ᠨᠤᠳᠤᠭ ᠤᠨ ᠮᠢᠨᠢ
ᠠᠭᠠᠷ ᠨᠢ
ᠠᠰᠬᠠᠷᠠᠬᠤ ᠬᠤᠷ᠎ᠠ ᠲᠡᠶ ᠪᠠᠨ ᠪᠠᠢ᠌ᠭᠠᠰᠠᠢ
ᠠᠷᠠᠤᠨ ᠨᠢ
ᠣᠷᠳᠤ ᠶᠢᠨ ᠳᠠᠭᠤᠤ ᠲᠡᠶ ᠪᠠᠨ ᠪᠠᠢ᠌ᠭᠠᠰᠠᠢ
ᠳᠠᠷᠠ ᠨᠤᠳᠤᠭ ᠤᠨ ᠮᠢᠨᠢ
ᠣᠷᠭᠤᠮᠠᠯ ᠨᠢ
ᠦᠨᠳᠦᠰᠦ ᠪᠠᠭᠢ ᠪᠠᠷ ᠶᠢᠡᠨ ᠪᠠᠢ᠌ᠭᠠᠰᠠᠢ
ᠥᠰᠦᠭ᠌ ᠨᠢ
ᠦᠨᠳᠦᠷ ᠪᠣᠰᠤᠭ᠎ᠠ ᠪᠠᠷ ᠶᠢᠡᠨ ᠪᠠᠢ᠌ᠭᠠᠰᠠᠢ
ᠲ᠋ᠠᠷᠠ ᠨᠤᠳᠤᠭ ᠤᠨ ᠮᠢᠨᠢ
ᠣᠷᠤᠰᠬᠠᠯ ᠨᠢ
ᠰᠠᠪᠠ ᠪᠢᠯᠬᠠᠮ᠎ᠠ ᠶᠢᠠᠷ ᠶᠢᠡᠨ ᠣᠷᠤᠰᠤᠭᠠᠷᠠᠢ
ᠣᠬᠠᠭᠠᠨ ᠨᠢ
ᠰᠤᠳᠤᠨ ᠮᠤᠩᠭ᠋ᠤᠯ ᠶᠢᠡᠷ ᠶᠢᠡᠨ ᠮᠠᠠᠳᠤᠭᠠᠷᠠᠢ
ᠵᠤᠬᠢᠶᠠᠭᠴᠢ ᠶᠢᠨ ᠬᠠᠶᠢᠭ ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ