ᠨᠡᠪᠲᠡᠷᠡᠨ ᠤᠷᠤᠬᠤ
ᠮᠤᠩᠭ᠋ᠤᠯ ᠠᠢ᠌ᠯ

ᠳᠤᠭᠤᠨᠤ ᠪᠠᠷ ᠨᠢ ᠭᠠᠯᠪᠠ ᠶᠢᠨ ᠦᠨᠳᠦᠷ ᠳᠠᠭᠢ ᠨᠠᠷᠠ ᠪᠠᠭᠳᠠᠳᠠᠭ

ᠳᠤᠭᠤᠷᠭ᠎ᠠ ᠪᠠᠷ ᠨᠢ ᠭᠠᠵᠠᠷ ᠤᠨ ᠶᠠᠠᠳᠠᠷ ᠳᠠᠭᠢ ᠨᠠᠷ᠎ᠠ ᠨᠡᠪᠴᠢᠳᠡᠭ᠌

ᠳᠤᠬᠤᠢ ᠪᠠᠷ ᠨᠢ《ᠴᠠᠭᠠᠨ ᠳᠤᠯᠤᠭᠠᠢ》 ᠲᠡᠶ ᠠᠳᠤᠭᠤ ᠪᠠᠯᠴᠢᠭ᠍ᠰᠡᠨ

ᠳᠤᠮᠤᠭ ᠡᠴᠡ ᠨᠢ《ᠨᠢᠭᠤᠴᠠ ᠳᠤᠪᠴᠢᠶᠠᠨ》 ᠤ ᠱᠤᠩᠬᠤᠷ ᠨᠢᠰᠦᠭ᠍ᠰᠡᠨ

ᠳᠤᠷᠤᠨᠠᠳᠢᠭᠢᠨ ᠤ ᠭᠦᠭᠡ ᠳᠡᠭ᠍ᠷᠢ ᠶᠢᠨ ᠳᠤᠤᠷ᠎ᠠ

ᠳᠤᠯᠭᠢᠶ᠎ᠠ ᠦᠭᠡᠶ ᠨᠤᠮᠢᠨ ᠳᠠᠯ᠎ᠠ ᠶᠢᠨ ᠳᠡᠭᠡᠷ᠎ᠡ

ᠳᠦᠷᠦᠭᠡᠨ ᠳᠠᠭᠤ ᠲᠡᠶ ᠮᠤᠩᠭ᠋ᠤᠯ ᠠᠢ᠌ᠯ

ᠳᠤᠯᠭ᠎ᠠ ᠪᠠᠨ ᠳᠡᠦᠡᠭᠦᠵᠤ ᠡᠷᠦᠭᠡ ᠪᠠᠨ ᠳᠠᠳᠠᠭᠰᠠᠭᠠᠷ ᠪᠠᠢ᠌ᠭ᠎ᠠ ᠶᠤᠮ

ᠣᠷᠭ᠎ᠠ ᠶᠢᠨ ᠬᠣᠢ᠌ᠪᠢ ᠪᠠᠷ ᠶᠢᠡᠨ ᠶ‍ᠢᠷᠳᠢᠠᠴᠤ ᠶᠢᠨ ᠣᠬᠠᠭᠠᠨ ᠢ ᠬᠤᠷᠢᠶᠠᠳᠠᠭ

ᠣᠷᠳᠤ ᠶᠢᠨ ᠳᠠᠭᠤᠤ ᠪᠠᠷ ᠶᠢᠡᠨ ᠳᠡᠯᠡᠭᠡᠢ ᠶᠢᠨ ᠰᠤᠨᠤᠷ ᠢ ᠠᠷᠭᠠᠳᠠᠳᠠᠭ

ᠣᠭᠠᠯᠵᠠ ᠳᠡᠭ᠍ᠳᠡᠭ᠍ᠰᠡᠨ ᠭᠤᠪᠢ ᠶᠢᠨ ᠳᠤᠷᠠᠰᠬᠠᠯ ᠳᠠᠭᠠᠨ

ᠣᠭᠤᠷ ᠤᠨ ᠰᠠᠢ᠌ᠬᠠᠨ ᠳᠠᠭᠤ ᠲᠡᠶ

ᠣᠬᠠᠭᠠᠨ ᠰᠢᠷᠭᠠᠭᠠᠭᠰᠠᠨ ᠭᠤᠤᠯ ᠤᠨ ᠣᠷᠤᠰᠬᠠᠯ ᠳᠠᠭᠠᠨ

ᠣᠳᠤ ᠵᠠᠢ᠌ᠮᠤᠭᠤᠯᠤᠭᠰᠠᠨ ᠰᠠᠯᠭᠢ ᠲᠡᠶ

ᠮᠤᠷᠢᠨ ᠨᠢᠷᠤᠭᠤ ᠡᠴᠡ ᠳᠡᠦᠭᠡ ᠶᠢᠨ ᠳᠡᠷᠭᠡᠨ ᠳᠡᠭᠡᠷ᠎ᠡ

ᠳᠠᠮᠠᠭ᠎ᠠ ᠲᠡᠶ ᠰᠢᠷᠤᠢ ᠳᠡᠭᠡᠭᠡᠭ᠍ᠰᠡᠨ

ᠮᠤᠩᠭ᠋ᠤᠯ ᠭᠡᠷ ᠡᠴᠡ ᠲᠦᠷᠦ ᠶᠢᠨ ᠰᠢᠷᠡᠭᠡᠨ ᠳᠡᠭᠡᠷ᠎ᠡ

ᠳᠠᠪᠠᠭ ᠲᠡᠶ ᠰᠢᠭᠦᠰᠤ ᠳᠠᠭᠱᠠᠯᠠᠭᠰᠠᠨ

ᠮᠤᠩᠭ᠋ᠤᠯ ᠠᠢ᠌ᠯ ᠭᠡᠵᠤ ᠪᠠᠢ᠌ᠭ᠎ᠠ ᠶᠤᠮ

ᠭᠦᠮᠤᠨ ᠲᠡᠶ ᠮᠤᠷᠢ ᠲᠡᠶ ᠪᠠᠨ ᠣᠨ ᠤ ᠭᠦᠷᠳᠤᠨ ᠳᠡᠭᠡᠷ᠎ᠡ ᠵᠤᠭᠰᠤᠭᠰᠠᠨ

ᠣᠮᠤᠭ ᠪᠣᠰᠤᠭ᠎ᠠ ᠰᠦᠰᠦᠳᠠᠨ ᠭᠡᠵᠤ ᠪᠠᠢ᠌ᠭᠰᠠᠨ ᠶᠤᠮ ︕

ᠣᠪᠣᠭ ᠪᠣᠰᠤᠭ᠎ᠠ ᠶᠠᠰᠤᠳᠠᠨ ᠭᠡᠵᠤ ᠶᠠᠪᠣᠭᠰᠠᠨ ᠶᠤᠮ ︕

ᠮᠠᠠᠳᠤᠭᠰᠠᠨ ᠴᠠᠭ ᠤᠨ ᠨᠠᠷᠠ ᠶᠢ

ᠮᠠᠨᠠᠢ᠌ᠭᠢᠨ ᠠᠳᠤᠭᠤ ᠲᠡᠶ ᠪᠠᠨ ᠴᠤᠭ ᠣᠷᠭᠠᠯᠠᠳᠠᠭ ᠪᠠᠢ᠌ᠯ᠎ᠠ ︕

ᠮᠠᠨᠠᠨ ᠢᠰᠭᠦᠯᠦᠭ᠍ᠰᠡᠨ ᠨᠠᠷᠠ

ᠮᠠᠨᠠᠢ᠌ᠭᠢᠨ ᠢ ᠮᠤᠷᠢᠨ ᠨᠢᠷᠤᠭᠤᠨ ᠳᠡᠭᠡᠷ᠎ᠡ ᠡᠷᠭᠦᠭ᠍ᠰᠡᠨ ᠪᠠᠢ᠌ᠯ᠎ᠠ ︕

ᠴᠢᠩᠭᠢᠰ ᠤᠨ ᠦᠶ᠎ᠡ ᠪᠠᠷ ᠱᠤᠷᠤᠩ ᠠᠭᠤᠯᠠᠨ ᠳᠤ ᠥᠷᠦᠭᠡᠯ ᠢ ᠰᠥᠭᠦᠦᠡᠭᠡᠭ᠍ᠰᠡᠨ

ᠴᠢᠩ ᠤᠨ ᠦᠶ᠎ᠡ ᠪᠠᠷ ᠰᠢᠷᠤᠢ ᠶᠢᠨ ᠣᠪᠣᠭᠠᠨ ᠳᠤ ᠦᠪᠡᠷ ᠶᠢᠡᠨ ᠰᠥᠭᠦᠳᠦᠭ᠍ᠰᠡᠨ

ᠳᠡᠦᠭᠡ ᠶᠢᠨ ᠮᠠᠩᠨᠠᠢ ᠳᠡᠭᠡᠷ᠎ᠡ ᠴᠢᠨ᠋ᠸ᠎ᠠ ᠰᠢᠭ ᠡᠷᠭᠦᠭ᠍ᠳᠡᠭᠡᠤᠨ

ᠳᠡᠭ᠍ᠷᠢ ᠶᠢᠨ ᠳᠠᠩᠨᠠᠢ ᠳᠡᠭᠡᠷ᠎ᠡ ᠬᠤᠨᠢ ᠰᠢᠭ ᠡᠯᠭᠦᠭ᠍ᠳᠡᠭ᠍ᠰᠡᠨ

ᠮᠠᠨᠠᠷᠠᠭᠰᠠᠨ ᠴᠠᠭ ᠤᠨ ᠳᠤᠭᠤᠰᠤ ᠶᠢ

ᠮᠠᠨᠠᠢ᠌ᠭᠢᠨ ᠠᠷᠢᠭᠢ ᠲᠡᠶ ᠪᠠᠨ ᠴᠤᠭ ᠵᠠᠯᠭᠢᠳᠠᠭ ᠪᠠᠢ᠌ᠯ᠎ᠠ ︕

ᠮᠠᠷᠭᠠᠰᠢ ᠮᠠᠠᠳᠤᠬᠤ ᠨᠠᠷᠠ ᠨᠢ ᠴᠤ

ᠮᠠᠩᠬᠠᠨ ᠬᠤᠳᠤᠭᠤᠷ ᠲᠤ ᠰᠤᠭᠳᠤᠭᠤ ᠳᠠᠭᠤᠯᠠᠳᠠᠭ ᠪᠠᠢ᠌ᠯ᠎ᠠ ︕

ᠮᠤᠩᠭ᠋ᠤᠯ ᠠᠢ᠌ᠯ ᠭᠡᠵᠤ ᠮᠠᠨᠠᠢ᠌ᠭᠢᠨ ᠤ ᠶᠤᠮ ︕

ᠮᠤᠷᠢᠨ ᠳᠤᠭᠤᠷᠠᠢ ᠪᠠᠷ ᠳᠡᠯᠡᠭᠡᠢ ᠶᠢ ᠴᠠᠪᠴᠢᠬᠤ ᠡᠴᠡ ᠪᠠᠨ

ᠮᠤᠳᠤᠨ ᠭᠦᠯ ᠶᠢᠡᠷ ᠪᠠᠷᠭᠡ ᠳᠤ ᠱᠤᠭᠰᠢᠬᠤ ᠪᠣᠯᠤᠭᠰᠠᠨ ᠶᠤᠮ ︕

ᠮᠤᠬᠤᠷ ᠬᠤᠤᠠᠳᠤᠭ ᠲᠤ ᠭᠦᠯ ᠶᠢᠡᠨ ᠰᠢᠭᠠᠭᠰᠠᠨ ᠳᠠᠷᠠ ᠴᠠᠭ ᠤᠨ ᠣᠰᠤᠯ ︕

ᠮᠤᠯᠴᠤᠭ ᠲᠡᠶ ᠭᠢᠳᠤᠭᠠᠨ ᠳᠤ ᠭᠠᠷ ᠶᠢᠡᠨ ᠡᠰᠭᠡᠭ᠍ᠰᠡᠨ ᠳᠠᠷᠠ ᠴᠠᠭ ᠤᠨ ᠡ᠊ᠡᠳᠡᠯ ︕

ᠳᠡᠦᠭᠡ ᠶᠢᠨ ᠬᠠᠰᠠᠭ ᠮᠢᠨᠢ ᠮᠤᠩᠭ᠋ᠤᠯ ᠠᠢ᠌ᠯ ᠶᠢᠡᠨ ᠳᠡᠭᠡᠭᠡᠭᠡᠤᠨ

ᠣᠨ ᠤ ᠭᠦᠷᠳᠤ ᠪᠠᠨ ᠭᠢᠬᠤᠨᠠᠭᠤᠯᠤᠨ᠎ᠠ

ᠳᠡᠩᠭᠡᠯᠢᠭ᠌ ᠬᠠᠳᠠᠭᠤ ᠳᠠᠷᠠ ᠳᠡᠷᠭᠡᠨ ᠤ ᠬᠤᠷᠢᠨ ᠨᠢᠭᠡᠳᠦᠭᠡᠷ ᠥᠷᠳᠡᠭᠡ ᠳᠤ

ᠣᠬᠠᠭᠠᠨ ᠵᠠᠯᠠᠬᠤ ᠪᠠᠷ ᠪᠢ ᠵᠤᠭᠰᠤᠭᠰᠠᠨ

ᠥᠷᠦᠭᠡᠯ ᠢ ᠪᠢᠰᠢᠷᠡᠭᠦᠯᠭᠦ ᠣᠶᠤᠨ ᠤ ᠨᠠᠮᠳᠠᠷ ᠳᠡᠭᠡᠷ᠎ᠡ

ᠡᠪᠦᠭᠡ ᠶᠢᠨ ᠰᠦᠯᠳᠡ ᠶᠢ ᠳᠠᠭᠢᠨᠠᠮ ᠪᠢ

ᠦᠪᠡᠷ ᠢ ᠪᠠᠨ ᠢᠳᠡᠭᠡᠭᠦ ᠣᠬᠠᠭᠠᠨ ᠤ ᠶᠠᠠᠳᠠᠷ ᠳᠡᠭᠡᠷ᠎ᠡ

ᠡᠴᠢᠭᠡ ᠶᠢᠨ ᠰᠦᠰᠦ ᠶᠢ ᠪᠠᠷᠢᠨᠠᠮ ᠪᠢ

ᠣᠳᠤᠷ ᠡᠴᠡ ᠪᠢᠰᠢ ᠣᠷᠴᠢᠯᠠᠩ ᠳ᠋ᠠᠭᠢ ᠡᠷᠢᠯ ᠢ

ᠣᠶᠤᠨ ᠴᠤᠭᠤᠷᠤᠬᠤ《ᠴᠠᠭᠠᠨ ᠳᠤᠯᠤᠭᠠᠢ》 ᠡᠴᠡ ᠨᠢᠳᠤᠯᠠᠨ᠎ᠠ ︕

ᠣᠳᠤᠮ ᠳᠠᠮᠵᠢᠬᠤ《ᠨᠢᠭᠤᠴᠠ ᠳᠤᠪᠴᠢᠶᠠᠨ》 ᠳᠠᠭᠠᠨ ᠪᠢᠴᠢᠨ᠎ᠠ ︕

ᠳᠤᠷᠤᠨᠠᠳᠢᠭᠢᠨ ᠤ ᠭᠦᠭᠡ ᠳᠡᠭ᠍ᠷᠢ ᠶᠢᠨ ᠳᠤᠤᠷ᠎ᠠ

ᠳᠤᠯᠭᠢᠶ᠎ᠠ ᠦᠭᠡᠶ ᠨᠤᠮᠢᠨ ᠳᠠᠯ᠎ᠠ ᠶᠢᠨ ᠳᠡᠭᠡᠷ᠎ᠡ

ᠳᠦᠷᠦᠭᠡᠨ ᠳᠠᠭᠤ ᠲᠡᠶ ᠮᠤᠩᠭ᠋ᠤᠯ ᠠᠢ᠌ᠯ

ᠳᠤᠯᠭ᠎ᠠ ᠪᠠᠨ ᠳᠡᠦᠡᠭᠦᠵᠤ ᠡᠷᠦᠭᠡ ᠪᠠᠨ ᠳᠠᠳᠠᠭᠰᠠᠭᠠᠷ ᠪᠠᠢ᠌ᠭ᠎ᠠ ᠶᠤᠮ

ᠮᠤᠩᠭ᠋ᠤᠯ ᠠᠢ᠌ᠯ ᠭᠡᠵᠤ ᠮᠠᠨᠠᠢ᠌ᠭᠢᠨ ᠤ ᠪᠠᠢ᠌ᠭᠰᠠᠨ ᠶᠤᠮ ︕

ᠮᠤᠩᠭ᠋ᠤᠯ ᠠᠢ᠌ᠯ ︱ ᠮᠢᠨᠤ ᠠᠢ᠌ᠯ ︕

ᠮᠤᠩᠭ᠋ᠤᠯ ᠠᠢ᠌ᠯ ︱ ᠮᠠᠨᠠᠢ᠌ᠭᠢᠨ ᠤ ᠠᠢ᠌ᠯ ︕

ᠮᠤᠩᠭ᠋ᠤᠯ ᠠᠢ᠌ᠯ ︱ ᠴᠢᠩᠭᠢᠰ ᠤᠨ ᠠᠢ᠌ᠯ ︕

ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2757
ᠴᠠᠭ᠄ 2007 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ