ᠨᠡᠪᠲᠡᠷᠡᠨ ᠤᠷᠤᠬᠤ
ᠨᠠᠳᠠ ᠡᠴᠠ ᠪᠣᠤ ᠠᠰᠠᠭᠤ

ᠰᠢᠯᠦᠭ᠌ ᠶᠠᠭᠠᠭᠢᠵᠤ ᠪᠢᠴᠢᠳᠡᠭ᠌ ᠪᠣᠢ ᠭᠡᠵᠤ

ᠨᠠᠳᠠ ᠡᠴᠠ ᠪᠣᠤ ᠠᠰᠠᠭᠤ

ᠰᠢᠯᠦᠭ᠍ᠴᠢ ᠪᠢᠰᠢ ᠪᠣᠯᠬᠤᠷ ᠪᠢ ᠶᠠᠭᠠᠭᠢᠵᠤ ᠮᠡᠳᠡᠭᠦ ᠪᠣᠢ

ᠪᠢ ᠵᠥᠪᠭᠡᠨ

ᠰᠦᠷᠦᠭ᠌ ᠤᠨ ᠳᠤᠭᠤᠰᠤ ᠲᠡᠶ ᠡᠭᠡ ᠣᠷᠤᠨ ᠵᠢᠠᠨ

ᠬᠠᠢ᠌ᠷᠠᠯᠠᠵᠤ ᠶᠠᠪᠣᠬᠤ ᠪᠠᠨ ᠯᠠ ᠮᠡᠳᠡᠳᠡᠭ᠌

ᠰᠦ᠋ ᠶᠢᠨ ᠦᠨᠦᠷ ᠲᠡᠶ ᠮᠤᠩᠭ᠋ᠤᠯ ᠠᠮᠢᠳᠤᠷᠠᠯ ᠶᠢᠡᠨ

ᠬᠠᠮᠠᠭᠠᠯᠠᠵᠤ ᠶᠠᠪᠣᠬᠤ ᠪᠠᠨ ᠯᠠ ᠮᠡᠳᠡᠳᠡᠭ᠌

ᠰᠦᠨᠠᠰᠤ ᠮᠢᠨᠢ ᠭᠦᠷᠳᠡᠯ᠎ᠡ

ᠮᠤᠩᠭ᠋ᠤᠯ ᠭᠡᠳᠡᠭ᠌ ᠶᠢᠡᠨ ᠯᠠ ᠮᠡᠳᠡᠳᠡᠭ᠌ ᠳᠤᠯᠠ

ᠰᠦᠨᠢ ᠡᠳᠦᠷ ᠢ ᠢᠯᠭᠠᠯ ᠦᠭᠡᠶ

ᠠᠷᠪᠢᠨ ᠶᠠᠭᠤᠮ᠎ᠠ ᠰᠠᠳᠭᠢᠵᠤ ᠯᠠ ᠰᠠᠭᠤᠳᠠᠭ ᠳ᠋ᠠ︕


ᠵᠤᠬᠢᠶᠠᠯ ᠶᠠᠭᠠᠭᠢᠵᠤ ᠪᠢᠴᠢᠳᠡᠭ᠌ ᠪᠣᠢ ᠭᠡᠵᠤ

ᠨᠠᠳᠠ ᠡᠴᠠ ᠪᠣᠤ ᠠᠰᠠᠭᠤ

ᠵᠤᠬᠢᠶᠠᠯᠴᠢ ᠪᠢᠰᠢ ᠪᠣᠯᠬᠤᠷ

ᠪᠢ ᠬᠠᠷᠢᠭᠤᠯᠵᠤ ᠴᠢᠳᠠᠬᠤ ᠥᠭᠡᠢ

ᠭᠡᠪᠠᠴᠤ ᠪᠢ

ᠵᠤᠭᠤᠰ ᠣᠯᠬᠤ ᠶᠢᠨ ᠲᠦᠯᠦᠭᠡ

ᠪᠢᠴᠢᠳᠡᠭ᠌ ᠦᠭᠡᠶ ᠭᠡᠳᠡᠭ᠌ ᠢ ᠯᠠ ᠮᠡᠳᠡᠳᠡᠭ᠌

ᠵᠠᠭᠤᠨ ᠤ ᠳᠡᠦᠭᠡᠨ ᠳᠤ ᠨᠠᠷ᠎ᠠ ᠪᠠᠨ ᠥᠯᠡᠳᠡᠭᠡᠭᠦ ᠶᠢᠨ ᠲᠦᠯᠦᠭᠡ

ᠪᠢᠴᠢᠳᠡᠭ᠌ ᠦᠭᠡᠶ ᠭᠡᠳᠡᠭ᠌ ᠢ ᠯᠠ ᠮᠡᠳᠡᠳᠡᠭ᠌

ᠵᠤᠨ ᠣᠯᠠᠨ ᠠᠷᠠᠤᠨ ᠲᠦᠮᠡᠨ ᠳᠤ ᠪᠠᠨ

ᠣᠶᠤᠨ ᠤ ᠭᠦᠨᠡᠰᠤ ᠡᠷᠭᠦᠳᠡᠭ᠌ ᠭᠡᠳᠡᠭ᠌ ᠶᠢᠡᠨ ᠯᠠ ᠮᠡᠳᠡᠳᠡᠭ᠌ ᠳᠤᠯᠠ

ᠵᠤᠪᠠᠵᠤ ᠵᠢᠷᠭᠠᠬᠤ ᠶᠢᠨ ᠬᠤᠭᠤᠷᠤᠠᠳᠤ

ᠦᠨᠡᠨ ᠶᠠᠭᠤᠮ᠎ᠠ ᠶᠢ ᠡᠷᠢᠶᠡᠴᠢᠵᠤ ᠯᠠ ᠰᠠᠭᠤᠳᠠᠭ ᠳᠠ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶ‍ᠢᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠶᠢᠨ 10 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ