ᠨᠡᠪᠲᠡᠷᠡᠨ ᠤᠷᠤᠬᠤ
ᠡᠭᠡ ᠣᠷᠤᠨ ᠳᠠᠨ᠎ᠠ

ᠳᠠᠷᠠᠭᠠᠵᠤ ᠪᠣᠯᠬᠤ ᠦᠭᠡᠶ᠂   ᠬᠤᠪᠢᠶᠠᠵᠤ ᠶᠠᠷᠤ ᠪᠣᠯᠤᠮ᠎ᠠ ᠥᠭᠡᠢ

ᠳᠠᠯ᠎ᠠ ᠶᠢᠨ ᠭᠢᠨᠢ ᠳᠤᠪᠣ ᠵᠢᠯᠠᠭ᠎ᠠ ᠪᠠᠷ ᠰᠠᠯᠭᠢ ᠳᠡᠭ᠍ᠳᠡᠵᠤ ᠪᠠᠷᠠᠮ᠎ᠠ ᠥᠭᠡᠢ

ᠰᠠᠷᠠᠨ ᠥᠷᠳᠡᠭᠡᠯᠡᠵᠤ᠂   ᠨᠡᠷᠡᠨ ᠳᠤᠭᠤᠷᠢᠭᠯᠠᠵᠤ ᠬᠠᠨᠤᠮ᠎ᠠ ᠥᠭᠡᠢ

ᠰᠠᠢ᠌ᠬᠠᠨ ᠡᠭᠡ ᠣᠷᠤᠨ ᠳᠠᠨ᠎ᠠ ᠬᠠᠳᠠᠭᠤ ᠥᠭᠡ ᠭᠡᠯᠡᠶ᠎ᠡ

ᠡᠯᠢᠭᠡ ᠵᠢᠷᠦᠭᠡᠨ ᠡᠴᠡ ᠣᠶᠠᠭᠠᠳᠠᠢ ᠭᠡᠵᠤ

ᠭᠡᠳᠤᠨ ᠦᠶ᠎ᠡ ᠪᠠᠷ ᠶᠢᠡᠨ ᠮᠤᠩᠭ᠋ᠤᠯᠴᠤᠳ ᠳᠠᠭᠤᠯᠠᠳᠠᠭ ᠶᠤᠮ

ᠡᠨᠡ ᠭᠡᠳᠤᠨ ᠭᠡᠦᠭᠡᠤᠨ ᠴᠢᠨᠢ ᠵᠢᠷᠭᠠᠬᠤ ᠴᠠᠭ ᠭᠡᠵᠢᠶ᠎ᠡ ᠪᠠᠢ᠌ᠳᠠᠭ ᠶᠤᠮ ᠪᠣᠢ

ᠳᠠᠯ᠎ᠠ ᠪᠠᠷ ᠨᠢᠭᠡ ᠳᠠᠷᠠᠭᠠᠭᠰᠠᠨ ᠭᠦᠮᠤᠨ ᠴᠢᠯᠠᠭᠤᠳ ᠶᠢᠡᠨ ᠳᠠ ᠬᠠᠷᠠ

ᠳᠠᠨ ᠤ ᠡᠯᠢᠭᠡᠨ ᠳᠤ ᠡᠪᠠᠰᠤ ᠪᠣᠯᠵᠤ ᠣᠷᠭᠤᠭᠰᠠᠨ

ᠪᠠᠭᠠᠳᠤᠷ ᠤᠳ ᠶᠢᠡᠨ ᠰᠡᠨᠡ᠂   ᠡᠭᠡ ᠣᠷᠤᠨ ᠁

ᠶᠠᠮᠪᠠᠳᠤ ᠶᠢᠨ ᠣᠯᠪᠣᠭ᠂   ᠨᠠᠢ᠌ᠷᠠᠭᠴᠢ ᠮᠢᠨᠤ ᠰᠢᠷᠢᠳᠡᠭ᠌ ᠡᠴᠡ

ᠶᠠᠮᠠᠷ ᠢᠯᠭᠠᠭ᠎ᠠ ᠲᠡᠶ ᠪᠠᠢ᠌ᠳᠠᠭ ᠶᠤᠮ

ᠶᠠᠰᠤᠨ ᠤ ᠨᠢᠮᠭᠡᠨ᠂   ᠴᠢᠰᠤᠨ ᠤ ᠥᠩᠭᠡ ᠪᠠᠷ

ᠮᠤᠩᠭ᠋ᠤᠯ ᠶᠢᠡᠨ ᠭᠡᠳᠤ ᠬᠤᠪᠢᠶᠠᠬᠤ ᠭᠡᠰᠡᠨ ᠶᠤᠮ

ᠶᠠᠭᠠᠭᠢᠭᠠᠤᠨ ᠮᠢᠨᠤ ᠰᠠᠤᠠᠭᠢᠯ ᠳᠤ ᠬᠠᠷᠢᠨ

ᠪᠦᠳᠤᠨ ᠶᠢᠡᠷ ᠶᠢᠡᠨ ᠪᠠᠢ᠌ᠳᠠᠭ ᠶ‍ᠦᠮ᠂   ᠡᠭᠡ ᠣᠷᠤᠨ ᠁

ᠠᠯᠳᠠᠢ ᠶᠢ ᠳᠡᠪᠠᠵᠤ᠂   ᠥᠯᠦᠭᠡᠢ ᠶᠢ ᠣᠷᠭᠢᠭᠰᠠᠨ ᠬᠠᠰᠠᠭ ᠤᠳ ᠴᠢᠨᠢ

ᠠᠭᠤᠢ ᠶᠢᠨ ᠳᠡᠭ᠍ᠳᠡᠭᠡᠭᠡᠢ᠂   ᠤᠷᠡᠨ ᠵᠢᠷᠭᠢᠭᠡᠳᠤ ᠳᠤᠮᠪᠣᠷ ᠡᠴᠡ ᠪᠠᠨ

ᠠᠷᠠᠢ ᠯᠠ ᠢᠯᠡᠭᠦᠤ ᠲᠡᠶ ᠮᠤᠩᠭ᠋ᠤᠯ ᠢ ᠪᠠᠨ ᠵᠡᠭᠦᠳᠦᠯᠡᠵᠤ ᠶᠠᠪᠣᠭ᠎ᠠ ᠰᠢᠤ

ᠵᠠᠬᠠᠴᠢᠨ᠂   ᠲ᠋ᠤᠷᠭᠤᠳ᠂   ᠠᠮᠠᠳᠠᠢ ᠭᠡᠯᠡᠳᠡᠢ ᠮᠢᠩᠭ᠋ᠠᠤᠨ ᠴᠢᠨᠢ

ᠵᠠᠶᠠᠭᠠᠨ ᠤ ᠭᠦᠷᠢᠶ᠎ᠡ ᠰᠠᠭᠢᠭᠰᠠᠨ ᠨᠤᠮᠤᠬᠠᠨ ᠳᠤᠷᠭᠠᠨ ᠥᠭᠡᠯᠡᠳ ᠴᠢᠨᠢ

ᠪᠣᠰᠤᠭ᠎ᠠ ᠨᠢᠳᠤᠨ ᠰᠠᠷᠳᠠᠭᠤᠯ᠂   ᠲ᠋ᠠᠷᠢᠭᠠᠩᠭ᠋᠎ᠠ ᠶᠢᠨ ᠳᠦᠷᠪᠡᠤᠨ ᠴᠢᠨᠢ

ᠪᠣᠳᠤᠭᠤᠨ ᠤ ᠮᠦᠷ ᠰᠢᠭ᠌ ᠮᠤᠩᠭ᠋ᠤᠯ ᠳᠠᠭᠠᠨ ᠪᠣᠯᠳᠤ ᠪᠠᠷ ᠶᠢᠡᠨ ᠬᠠᠢ᠌ᠷᠠᠳᠠᠢ

ᠣᠰᠤᠯᠳᠠᠬᠤ ᠦᠭᠡᠶ᠂   ᠲ᠋ᠠᠨ ᠤ ᠭᠤᠨᠢᠭ ᠶᠢᠡᠷ ᠬᠤᠭᠤᠯᠠᠢ ᠨᠤᠷᠭᠠᠵᠤ

ᠣᠷᠢ ᠵᠠᠯᠠᠭᠤ ᠳᠠᠭᠠᠨ ᠪᠣᠷᠵᠢᠭᠢᠨ ᠨᠠᠴᠤᠭᠳᠤᠷᠵᠢ ᠰᠢᠯᠦᠭ᠌ ᠶᠢᠡᠨ ᠬᠤᠮᠢᠵᠤ

ᠳᠤᠭᠤᠰᠤᠳᠠᠢ ᠰᠤᠳᠤᠷ ᠱᠠᠭᠠᠢ᠌ᠭᠰᠠᠨ

ᠮᠡᠷᠭᠡᠤᠨ ᠭᠦᠪᠠᠭᠦᠤᠨ ᠴᠢᠨᠢ

ᠳᠤᠤᠷ ᠤᠨ ᠴᠠᠭᠠᠨ᠎ᠠ ᠡᠴᠡ

ᠴᠢᠮᠢ᠋ᠢ ᠯᠠ ᠳᠠᠭᠤᠯᠠᠳᠠᠭ ᠪᠢᠰᠢ ᠪᠢᠯᠢᠤ

ᠳᠤᠭᠤᠵᠤ ᠭᠡᠨ ᠤ ᠨᠢᠯᠪᠣᠰᠤ ᠶᠢ ᠠᠷᠴᠢᠬᠤ ᠶᠤᠮ ᠪᠣᠢ᠂

ᠡᠭᠡ ᠣᠷᠤᠨ ᠁

ᠬᠠᠭᠠᠤᠨ ᠨᠤᠶᠠᠤᠨ ᠤᠨ ᠡᠮᠦᠨ᠎ᠡ

ᠪᠦᠭᠦᠯᠵᠡᠳᠡᠭ᠌ ᠶᠢᠡᠨ ᠪᠣᠯᠢᠵᠤ ᠦᠵᠡ

ᠬᠠᠷᠢ ᠶᠢᠨ ᠣᠯᠤᠰ ᠤᠨ ᠠᠯᠠᠭᠠᠨ ᠳᠡᠭᠡᠷ᠎ᠡ

ᠠᠯᠳᠠ ᠪᠠᠨ ᠳᠡᠯᠭᠡᠭᠦ ᠪᠠᠨ ᠠᠵᠠᠨᠠᠵᠤ ᠦᠵᠡ

ᠬᠠᠷ᠎ᠠ ᠳᠤᠯᠤᠭᠠᠢ ᠶᠢᠨ ᠳᠡᠭᠡᠷ᠎ᠡ

ᠣᠳᠤᠭ᠎ᠠ ᠵᠢᠩᠰᠠ ᠯᠠ ᠳᠤᠭᠳᠠᠳᠠᠭ

ᠬᠠᠷᠠᠴᠤ ᠪᠢᠳᠠᠨ ᠤ ᠪᠠᠨ ᠴᠡᠭᠡᠵᠢᠨ ᠳᠤ

ᠡᠭᠡ ᠣᠷᠤᠨ ᠳᠠ ᠬᠤᠷᠭᠤᠳᠠᠳᠠᠭ ᠁

ᠨᠡᠭᠦᠳᠡᠯ ᠭᠦᠢᠴᠡᠭᠦ ᠦᠭᠡᠶ ᠳᠤᠭᠤᠷᠤᠤ ᠵᠢᠨ

ᠳᠠᠯᠠᠢ ᠰᠢᠭ ᠭᠦᠭᠡ ᠳᠤᠭ ᠳᠤ

ᠨᠢᠭᠤᠷ ᠶᠢᠡᠨ ᠨᠠᠭᠠᠵᠤ ᠥᠨᠦᠰᠳᠡᠭ᠌

ᠬᠠᠷᠠᠴᠤ ᠶᠢᠨ ᠶᠢᠡᠨ ᠭᠡᠦᠭᠡᠤᠨ ᠢ ᠬᠠᠢ᠌ᠷᠠᠯᠠ

ᠬᠠᠳᠠᠭ ᠳᠡᠯᠭᠡᠳᠡᠭ᠌ ᠭᠠᠷ ᠳᠡᠭᠡᠷ᠎ᠡ ᠪᠠᠨ

ᠢᠷᠦᠭᠡᠯ ᠳᠠᠯᠪᠢᠵᠤ ᠠᠢ᠌ᠯᠠᠤᠠᠬᠠᠶ᠎ᠠ

ᠬᠠᠷᠠᠭᠤᠰᠤᠯ ᠭᠤᠨᠢᠭ ᠲᠡᠶ ᠴᠡᠭᠡᠵᠢᠨ ᠳᠤ ᠮᠢᠨᠢ

ᠢᠳᠡᠭᠡᠯ ᠥᠭ᠍ᠴᠤ ᠬᠠᠢ᠌ᠷᠠᠯᠠ

ᠰᠤᠶᠤᠮᠪᠣ ᠠᠯᠳᠠᠷᠠᠭᠰᠠᠨ ᠠᠭᠤᠯᠠᠨ ᠳᠤ ᠮᠢᠨᠢ

ᠰᠤᠯᠤᠩᠭ᠋᠎ᠠ ᠳᠤᠭᠯᠠᠭᠰᠠᠨ ᠳᠠᠯ᠎ᠠ ᠳᠤ ᠮᠢᠨᠢ

ᠬᠤᠯᠠᠨ ᠬᠤᠯᠵᠢᠭᠠᠬᠤ ᠭᠤᠪᠢ ᠳᠤ ᠮᠢᠨᠢ

ᠬᠤᠭᠤᠷ ᠡᠭᠡᠰᠢᠭᠯᠡᠭᠦ ᠮᠤᠩᠭ᠋ᠤᠯ ᠭᠡᠷ ᠲᠤ ᠮᠢᠨᠢ

ᠢᠯᠭᠤᠭᠰᠠᠨ ᠲᠦᠷᠦ ᠶᠢᠨ ᠢᠪᠠᠭᠡᠯ ᠶᠢᠡᠨ

ᠳᠡᠭ᠍ᠰᠢᠭᠡᠨ ᠭᠦᠷᠳᠡᠭᠡᠵᠤ ᠦᠵᠡ

ᠶᠠᠮᠠᠷ ᠴᠤ ᠴᠠᠭ ᠲᠠᠭᠠᠨ ᠡᠭᠡ ᠣᠷᠤᠨ ᠳᠠ

ᠡᠭᠡ ᠣᠷᠤᠨ ᠰᠢᠭ ᠪᠠᠢ᠌ᠵᠤ ᠦᠵᠡ

ᠵᠤᠤᠵᠠᠢ ᠬᠤᠯᠪᠣᠭᠰᠠᠨ ᠳᠡᠯᠡᠭᠡᠢ ᠶᠢᠨ ᠭᠦᠷᠤᠨ ᠨᠤᠭᠦᠳ

ᠵᠠᠭᠤᠨ ᠭᠦᠯᠦᠭ᠌ ᠰᠢᠭ᠌ ᠣᠷᠤᠯᠳᠤᠵᠤ ᠭᠡᠮᠡᠨ᠎ᠡ

ᠳᠤᠭᠤᠰᠤᠨ ᠳᠤᠮᠳᠠ ᠡᠴᠡ ᠰᠠᠷᠪᠠ ᠳᠠᠭ᠎ᠠ ᠰᠢᠭ

ᠳᠤᠷᠣᠢ᠌ᠳᠠᠯ᠎ᠠ ᠭᠠᠭᠴᠠᠭᠠᠷ ᠶᠢᠡᠨ ᠳᠦᠷᠦᠭᠦᠯᠡᠭᠡᠤᠨ ᠢᠷ᠎ᠠ

ᠳᠤᠷᠭᠤᠳ᠂   ᠬᠠᠯᠬ᠎ᠠ᠂   ᠪᠤᠷᠢᠶᠠᠤᠨ ᠴᠢᠨᠢ

ᠳᠤᠰᠤᠭᠠᠤᠨ ᠠᠪᠣᠨ᠎ᠠ ᠡᠭᠡ ᠣᠷᠤᠨ ᠮᠢᠨᠢ

ᠵᠠᠯᠪᠠᠷᠢᠳᠠᠭ ᠪᠣᠷᠬᠠᠨ ᠰᠢᠭ ᠮᠢᠨᠢ ᠭᠡᠢ᠌ᠭᠦᠯᠦᠭᠡᠤᠨ ᠢᠷ᠎ᠠ

ᠰᠥᠭᠦᠷᠡᠭᠡᠤᠨ ᠤᠨᠡᠶ᠎ᠡ᠂   ᠡᠭᠡ ᠣᠷᠤᠨ ᠮᠢᠨᠢ

ᠵᠠᠩᠨᠠᠭᠤᠯᠳᠠᠭ ᠭᠦᠤ ᠰᠢᠭ᠌ ᠮᠢᠨᠢ ᠥᠮᠦᠯᠵᠡᠭᠡᠤᠨ ᠢᠷ᠎ᠠ

ᠳᠡᠪᠠᠷᠢᠭᠡᠤᠨ ᠠᠪᠣᠨ᠎ᠠ᠂   ᠠᠷᠠᠤᠨ ᠲᠦᠮᠡᠨ ᠴᠢᠨᠢ︕

ᠵᠤᠬᠢᠶᠠᠭᠴᠢ᠄ ᠴ·ᠬᠤᠯᠠᠨ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 4762
ᠴᠠᠭ᠄ 2008 ᠤᠨ ᠤ 10 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ