ᠨᠡᠪᠲᠡᠷᠡᠨ ᠤᠷᠤᠬᠤ
ᠪᠠᠯᠠᠷᠠᠬᠠᠢ ᠣᠴᠢᠷ ᠤᠳ

1

ᠪᠠᠷᠤᠭᠳᠠᠢ ᠳᠤ ᠨᠡᠭᠡᠭᠡᠭ᠍ᠳᠡᠳᠡᠭ᠌ ᠥᠭᠡᠢ

《ᠪᠠᠳᠤ ᠡᠷᠳᠡᠨᠢ ᠶᠢᠨ ᠰᠠᠭᠢᠶᠠᠰᠤ》 ᠊᠊᠊᠊᠊᠊᠊᠊᠊᠊᠊᠊᠊᠊᠊

ᠪᠠᠷᠠᠭᠤᠨ ᠡᠭᠦᠳᠡ ᠪᠠᠷ

ᠪᠠᠭᠳᠠ ᠶᠠᠳᠠᠮ᠎ᠠ

ᠡᠪᠰᠢᠶᠡᠭ᠍ᠰᠡᠭᠡᠷ ᠣᠷᠤᠵᠤ ᠢᠷᠡᠭᠦ

ᠮᠢᠨᠤ ᠬᠤᠵᠢᠭᠳᠠᠭᠤᠷ ᠨᠥᠭᠦᠤᠨ

ᠪᠠᠷᠠᠢ᠌ᠳᠠᠯ᠎ᠠ ᠪᠢᠴᠢᠭᠯᠡᠭᠦ

ᠢᠷᠠᠭᠤ ᠠᠯᠳᠠᠷ ᠤᠨ ᠰᠠᠮᠪᠠᠷ᠎ᠠ ᠳ᠋ᠤ

ᠨᠢᠭᠡᠯᠡ ᠠᠳᠠᠯᠢ

ᠨᠠᠷ᠎ᠠ ᠪᠠᠨ ᠳᠡᠮᠳᠡᠭᠯᠡᠭᠦᠯᠦᠨ᠎ᠡ

ᠪᠠᠷᠤᠭ ᠤᠨ ᠴᠠᠭ ᠡᠴᠡ ᠣᠰᠤᠯᠳᠠᠬᠤ ᠥᠭᠡᠢ

ᠪᠠᠴᠢᠮ ᠶᠠᠭᠠᠷᠠᠤ ᠠᠵᠢᠯᠯᠠᠳᠠᠭ

ᠵᠠᠷᠢᠮ ᠨᠢᠭᠡ ᠨᠠᠢ᠌ᠵᠠ ᠮᠢᠨᠢ

ᠪᠠᠷᠠᠭᠠᠨ ᠡᠷᠢᠶᠡᠨ ᠭᠦᠮᠤᠨ ᠤ ᠰᠥᠷᠦᠭ᠌ ᠳᠤ

ᠪᠠᠷ᠎ᠠ ᠨᠢ ᠬᠠᠷᠠᠭᠳᠠᠬᠤ ᠥᠭᠡᠢ

ᠪᠦᠷᠳᠡᠯᠵᠢᠨ ᠁ ᠁ ᠶᠠᠪᠣᠨ᠎ᠠ

2

ᠪᠠᠢ᠌ᠭᠤᠯᠭ᠎ᠠ ᠶᠢᠨ ᠶᠢᠡᠨ ᠬᠠᠭᠠᠯᠭ᠎ᠠ ᠵᠢ

ᠪᠠᠯᠪᠠ ᠢᠰᠭᠦᠯᠴᠢᠭᠡᠶ᠎ᠡ ᠭᠡᠵᠤ

ᠪᠢ ᠪᠣᠳᠤᠨ᠎ᠠ

ᠪᠠᠰᠠ᠂ ᠨᠠᠷ᠎ᠠ ᠨᠢᠭᠤᠷ ᠪᠠ

《ᠬᠠᠤᠯᠢ》 《ᠶᠤᠰᠤ》 ᠡᠴᠡ ᠠᠶᠤᠨ᠎ᠠ

ᠪᠠᠵᠠᠭᠠᠬᠤ᠂ ᠪᠠᠵᠠᠭᠠᠬᠤ ᠦᠭᠡᠶ ᠶᠠᠪᠣᠳᠠᠯ ᠤᠳ ᠢ

ᠪᠢᠳᠡᠭᠡᠢ ᠬᠠᠮᠢᠶᠠᠷᠠᠶ᠎ᠠ ᠭᠡᠵᠤ ᠰᠠᠨᠠᠨ᠎ᠠ

ᠪᠠᠭ᠎ᠠ ᠡᠴᠡ ᠰᠤᠷᠤᠭᠰᠠᠨ

《ᠡᠪ ᠬᠠᠮᠳᠤ ᠶᠢᠨ》 ᠶᠤᠰᠤ ᠮᠤᠷᠠᠯ ᠪᠠ

ᠡᠭᠡᠯ ᠭᠦᠮᠦᠡᠴᠢ ᠴᠢᠨᠠᠷ ᠮᠢᠨᠢ

ᠭᠦᠯᠢᠶᠡᠵᠤ ᠳᠦᠪᠳᠡᠭᠦ ᠥᠭᠡᠢ

ᠰᠢᠨᠠᠯᠭᠠᠨ᠎ᠠ ᠁ ᠁

3

ᠪᠠᠢ᠌ᠳᠠᠭ ᠶᠢᠡᠨ ᠪᠢ

ᠪᠣᠰᠤᠳ ᠲᠤ ᠶᠡᠭᠦᠯᠡᠭᠦ ᠳᠤᠷᠠᠳᠠᠢ

ᠪᠠᠷᠢᠮᠳᠠ ᠭᠡᠷᠡᠴᠢ ᠦᠭᠡᠶ ᠪᠠᠷ

ᠭᠦᠮᠤᠨ ᠤ ᠰᠡᠳᠭᠢᠯ ᠢ ᠭᠦᠡᠳᠡᠭᠦ ᠡᠴᠡ ᠪᠠᠨ

ᠵᠢᠷᠦᠭᠡᠰᠢᠶᠡᠨ᠎ᠡ

ᠪᠠᠷᠢᠵᠤ ᠪᠠᠢ᠌ᠭᠰᠠᠨ ᠪᠢᠷ ᠶᠢᠡᠨ᠂ ᠪᠢᠳᠠ

ᠶᠠᠭᠠᠭᠢᠵᠤ ᠵᠠᠷᠤᠭᠰᠠᠨ ᠴᠤ ᠪᠣᠯᠤᠨ᠎ᠠ

ᠪᠠᠢ᠌ᠭᠤᠯᠵᠤ ᠪᠠᠢ᠌ᠭ᠎ᠠ ᠣᠢ᠌ᠯᠠᠰ ᠶᠢᠡᠨ᠂ ᠪᠢᠳᠠ

ᠶᠠᠳᠠᠷ ᠳᠤᠷᠤᠢ ᠪᠣᠰᠬᠠᠬᠤ ᠪᠣᠶᠤ

ᠶᠠᠭ ᠴᠢᠮᠡᠭᠡ ᠦᠭᠡᠶ ᠪᠠᠷ ᠳᠡᠭᠦᠰᠭᠡᠭᠦ

ᠢᠴᠢᠭᠦᠷᠢ ᠲᠡᠶ︕


1992.2.24 ᠳᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ