ᠨᠡᠪᠲᠡᠷᠡᠨ ᠤᠷᠤᠬᠤ
ᠰᠠᠯᠵᠢᠭ

ᠰᠠᠯᠵᠢᠭ ᠨᠤᠳᠤᠭ ᠤᠨ ᠪᠦᠵᠢᠭ᠍ᠴᠢᠨ ᠪᠦᠰᠡᠭᠦᠢ

ᠰᠠᠨᠠᠭᠠᠨ ᠡᠴᠠ ᠭᠠᠳᠠᠠᠭᠤᠷ ᠭᠦᠭᠡᠷᠦᠭᠦᠨ ᠠᠮᠢᠳᠠᠨ

ᠳᠤᠳᠠᠭᠤ ᠪᠦᠷᠭᠦᠭ᠍ᠰᠡᠨ ᠱᠨ ᠭᠢᠪᠠᠯᠡᠭᠦᠷ ᠤᠨ ᠴᠠᠭᠠᠨ᠎ᠠ ᠡᠴᠠ

ᠳᠤᠷᠠᠨ ᠬᠠᠷ᠎ᠠ ᠨᠢᠳᠤ ᠪᠠᠷ ᠢᠷᠮᠠᠨ ᠰᠢᠷᠳᠠᠵᠤ

ᠪᠠᠯᠭᠡᠭᠦᠰᠤ ᠪᠠᠨ ᠮᠤᠭᠠᠢ ᠰᠢᠭ ᠮᠤᠰᠭᠢᠵᠤ

ᠳᠠᠰᠢᠶ᠎ᠠ ᠪᠠᠨ ᠳᠠᠪᠠᠯᠠᠭ᠎ᠠ ᠰᠢᠭ ᠬᠠᠶᠠᠯᠠᠨ

ᠳᠤᠮᠪᠣᠷ ᠭᠡᠩᠭᠡᠷᠭᠡ ᠶᠢᠨ ᠳᠤᠵᠢᠭᠢᠨᠠᠭᠠᠨ ᠳ᠋ᠤ

ᠳᠤᠷ᠎ᠠ ᠪᠣᠯᠢᠶᠠᠮ᠎ᠠ ᠪᠦᠵᠢᠭᠯᠡᠨ᠎ᠡ ᠳᠠᠳᠠ


ᠰᠠᠯᠵᠢᠭ ᠭᠠᠵᠠᠷ ᠤᠨ ᠨᠠᠢ᠌ᠮᠠᠭᠠᠴᠢᠨ ᠡᠷ᠎ᠡ

ᠰᠠᠷᠠ ᠡᠮᠭᠦᠭᠦ ᠪᠣᠳᠤᠯ ᠳᠠᠢ

ᠰᠠᠬᠠᠯ ᠶᠤᠭᠠᠨ ᠮᠤᠰᠭᠢᠷᠳᠤᠭᠤᠯᠤᠨ ᠢᠮᠠᠷᠴᠤ

ᠰᠠᠠᠴᠢᠭ ᠦᠰᠦ ᠪᠠᠨ ᠪᠦᠰᠡ ᠪᠠᠷ ᠣᠷᠢᠶᠠᠨ᠎ᠠ

ᠠᠯᠳᠠ ᠮᠦᠩᠭᠦᠨ ᠳᠤ ᠰᠢᠨᠤᠬᠠᠢ᠌ᠷᠠᠪᠠᠯ

ᠠᠠᠳᠠ ᠶᠢᠨ ᠵᠢᠷᠤᠮ ᠢ ᠳᠠᠷᠰᠯᠠᠮᠠᠷ

ᠠᠰᠢᠭ ᠡᠳ᠋ ᠲᠤ ᠣᠯᠠᠢ᠌ᠷᠠᠪᠠᠯ

ᠠᠩᠭ᠎ᠠ ᠦᠷ᠎ᠡ ᠪᠠᠨ ᠬᠤᠳᠠᠯᠳᠤᠮᠠᠷ

ᠠᠶ᠎ᠠ ᠬᠤᠬᠤᠢ


ᠵᠤᠬᠢᠶᠠᠭᠴᠢ ᠶᠢᠨ ᠬᠠ‍‌ᠶᠢᠭ ᠄ ᠣᠷᠠᠤᠨ ᠤᠨ ᠳᠤᠮᠳᠠᠳᠤ ᠬᠤᠰᠢᠭᠤ

ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2620
ᠴᠠᠭ᠄ 2010 ᠤᠨ ᠤ 11 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ