☆ ᠳ᠋·ᠲᠦᠮᠡᠠᠰᠠᠩ
ᠡᠨᠡ ᠨᠠᠮᠤᠷ ᠬᠠᠳᠤᠯᠠᠩ ᠥᠭᠡᠢ
ᠬᠠᠭᠤᠷᠠᠢ ᠰᠠᠯᠭᠢ ᠲᠡᠶ ᠵᠤᠨ ᠶᠢᠡᠨ ᠳᠠᠭᠤᠵᠤ
ᠬᠤᠤᠠᠳᠤᠭ ᠵᠥᠭ᠌ ᠢᠪᠠᠷᠠᠵᠤ ᠢᠷᠡᠭ᠍ᠰᠡᠨ ᠠᠳᠤᠭᠤᠳ ᠤᠨ
ᠳᠠᠯ ᠨᠢ ᠣᠠᠳᠠᠷᠠᠨ᠎ᠠ
ᠬᠠᠩᠭᠢᠨᠠᠳᠠᠯ᠎ᠠ ᠪᠢᠯᠡᠭᠦᠳᠡᠭ᠍ᠰᠡᠨ ᠬᠠᠳᠤᠭᠤᠷ
ᠬᠤᠵᠢᠭᠳᠠᠵᠤ ᠣᠷᠤᠭᠰᠠᠨ ᠪᠣᠷᠤᠭᠠᠨ ᠶᠢᠡᠷ ᠵᠢᠪᠠᠷᠠᠵᠤ
ᠢᠷ ᠨᠢ ᠮᠢᠷᠠᠨᠠ
ᠭᠦᠴᠦᠯᠡᠨ ᠳᠠᠮᠤᠭᠰᠠᠨ ᠣᠯᠤᠰᠤᠨ ᠳᠠᠷᠤᠭᠤᠯᠭ᠎ᠠ
ᠭᠡᠷᠡᠭ᠌ ᠡᠴᠡ ᠭᠠᠷᠴᠤ ᠰᠤᠯᠠ ᠬᠠᠶᠠᠭᠳᠠᠬᠤ ᠪᠠᠷ
ᠡᠷᠴᠢᠮ ᠨᠢ ᠬᠠᠷᠢᠨ᠎ᠠ
ᠭᠡᠭᠡᠷ᠎ᠡ ᠶᠢᠨ ᠴᠠᠢ᠂ ᠡᠪᠠᠰᠤᠨ ᠤ ᠰᠤᠳᠤᠨ ᠦᠨᠦᠷ
ᠭᠦᠯᠢᠶᠡᠭ᠍ᠰᠡᠨ ᠠᠮᠠᠷᠠᠭ ᠤᠨ ᠪᠠᠷ᠎ᠠ ᠮᠠᠳᠤ
ᠰᠡᠳᠭᠢᠯ ᠳᠤ ᠶᠠᠭᠤᠳᠠᠢ ᠡᠷᠢᠭ᠍ᠳᠡᠨ᠎ᠡ
ᠡᠪᠠᠰᠤ ᠪᠠᠨ ᠭᠦᠷᠳᠡᠯ᠎ᠡ ᠭᠦᠮᠤᠨ ᠡᠴᠡ ᠬᠤᠳᠠᠯᠳᠤᠵᠤ ᠠᠪᠬᠤ ᠪᠣᠯᠵᠤ ᠦᠦ ᠭᠡᠵᠤ
ᠡᠷᠳᠡ ᠬᠠᠯᠢᠭᠰᠠᠨ ᠮᠢᠨᠤ ᠪᠣᠭᠤᠷᠤᠯ ᠡᠪᠦᠭᠡ
ᠵᠡᠭᠦᠳᠤᠨ ᠳᠤ ᠢᠷᠠᠵᠤ ᠵᠠᠩᠳᠤᠷᠤᠨ᠎ᠠ
ᠳᠡᠷᠭᠡᠳᠡ ᠪᠦᠭᠡᠮᠨᠡᠷᠡᠭᠦ ᠬᠤᠨᠢᠳ ᠤᠨ ᠨᠢᠳᠤ ᠨᠢ ᠪᠦᠯᠳᠡᠯᠵᠡᠨᠡ
ᠳᠡᠭᠡᠭᠦᠷ ᠥᠩᠭᠢᠨᠡᠯᠳᠦᠭᠦ ᠨᠢᠰᠭᠡᠯ ᠡᠴᠡ ᠡᠪᠠᠰᠤ ᠣᠨᠠᠳᠠᠭ ᠪᠣᠯ ᠦᠦ ᠭᠡᠵᠤ
ᠳᠠᠮᠠᠢ ᠯᠠ ᠮᠠᠢ᠌ᠯᠠᠯᠳᠤᠨᠠ
ᠠᠢ ᠳ᠋ᠠ᠂ ᠠᠯᠳᠠᠨ ᠰᠢᠷᠭᠠᠯ ᠣᠯᠠᠷᠢᠯ ᠤᠨ
ᠠᠶᠠᠯᠭᠤ ᠨᠢ ᠭᠦᠷᠳᠡᠯ᠎ᠡ ᠭᠠᠩᠳᠠᠭᠤ ᠶᠤᠮ ᠡ
ᠠᠪᠣ ᠡ
ᠡᠨᠡ ᠨᠠᠮᠤᠷ ᠬᠠᠳᠤᠯᠠᠩ ᠦᠭᠡᠶ
ᠭᠦᠤ ᠴᠢᠨᠢ ᠪᠢ ᠴᠢᠳᠠᠯ ᠦᠭᠡᠶ
ᠭᠦᠭᠡ ᠡᠪᠠᠰᠤᠨ ᠤ ᠨᠠᠮᠠᠷᠢ ᠦᠭᠡᠶ
ᠣᠰᠤᠯᠳᠠᠯᠠ ᠡ᠁
2009.9.5
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2932
ᠴᠠᠭ᠄ 2009 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ