☆ ᠭᠤ᠋·ᠪᠠᠳᠤᠬᠤᠶᠠᠭ
ᠪᠣᠴᠠᠬᠤ ᠰᠢᠪᠠᠭᠤᠳ ᠤᠨ ᠬᠣᠢ᠌ᠨ᠎ᠠ ᠡᠴᠠ ᠨᠢᠯᠪᠣᠰᠤ ᠪᠢᠳᠡᠭᠡᠢ ᠣᠨᠠᠭᠠᠭᠠᠷᠠᠢ
ᠪᠣᠴᠠᠬᠤ ᠰᠢᠪᠠᠭᠤᠳ ᠤᠨ ᠬᠣᠢ᠌ᠨ᠎ᠠ ᠡᠴᠠ ᠨᠢᠯᠪᠣᠰᠤ ᠪᠢᠳᠡᠭᠡᠢ ᠣᠨᠠᠭᠠᠭᠠᠷᠠᠢ
ᠪᠣᠭᠤᠷᠤᠯ ᠬᠤᠷᠸ᠎ᠠ ᠶᠢᠨ ᠮᠠᠨᠠᠨ ᠳᠤ ᠠᠯᠢ ᠨᠢᠭᠡ ᠨᠢ ᠳᠦᠭᠡᠷᠢᠴᠡᠭᠡᠭᠦ ᠪᠣᠢ ᠳ᠋ᠠ
ᠪᠣᠯᠠᠭ ᠱᠠᠩᠳᠠ ᠶᠢᠨ ᠶᠢᠡᠨ ᠨᠢᠳᠤᠨ ᠳᠡᠭᠡᠷ᠎ᠡ ᠭᠡᠵᠢᠶ᠎ᠡ ᠴᠤ ᠡᠷᠭᠢᠭᠦ ᠦᠭᠡᠶ ᠳᠡᠨᠦᠴᠢᠭᠡᠭᠦ ᠪᠣᠢ
ᠪᠣᠴᠠᠬᠤ ᠰᠢᠪᠠᠭᠤᠳ ᠤᠨ ᠬᠣᠢ᠌ᠨ᠎ᠠ ᠡᠴᠠ ᠨᠢᠯᠪᠣᠰᠤ ᠪᠢᠳᠡᠭᠡᠢ ᠣᠨᠠᠭᠠᠭᠠᠷᠠᠢ
ᠵᠡᠯᠡᠯᠡᠭᠦ ᠰᠢᠪᠠᠭᠤᠳ ᠤᠨ ᠬᠣᠢ᠌ᠨ᠎ᠠ ᠡᠴᠠ ᠤᠢ᠌ᠳᠬᠠᠷ ᠪᠢᠳᠡᠭᠡᠢ ᠬᠠᠳᠠᠭᠠᠷᠠᠢ
ᠵᠢᠯ ᠰᠠᠷ᠎ᠠ ᠶᠢᠨ ᠠᠶᠠᠨ ᠡᠴᠠ ᠪᠠᠨ ᠭᠡᠭᠡᠭ᠍ᠳᠡᠵᠤ ᠨᠢᠭᠡ ᠨᠢ ᠥᠨᠦᠴᠢᠷᠡᠭᠦ ᠪᠣᠢ ᠳ᠋ᠠ
ᠵᠢᠩᠵᠢᠨ ᠴᠠᠭᠠᠨ ᠨᠠᠭᠤᠷ ᠶᠢᠡᠨ ᠭᠡᠵᠤ ᠦᠷᠦᠭᠡᠯ ᠤᠨ ᠬᠠᠷᠠᠵᠠᠨ ᠳᠤ ᠵᠢᠩᠳᠡᠭᠦ ᠪᠣᠢ
ᠵᠡᠯᠡᠯᠡᠭᠦ ᠰᠢᠪᠠᠭᠤᠳ ᠤᠨ ᠬᠣᠢ᠌ᠨ᠎ᠠ ᠡᠴᠠ ᠤᠢ᠌ᠳᠬᠠᠷ ᠪᠢᠳᠡᠭᠡᠢ ᠬᠠᠳᠠᠭᠠᠷᠠᠢ
ᠬᠠᠷᠢᠯᠠᠬᠤ ᠰᠢᠪᠠᠭᠤᠳ ᠤᠨ ᠬᠣᠢ᠌ᠨ᠎ᠠ ᠡᠴᠠ ᠬᠠᠷᠠᠮᠰᠠᠯ ᠪᠢᠳᠡᠭᠡᠢ ᠵᠠᠯᠭᠢᠭᠠᠷᠠᠢ
ᠭᠢᠯᠠᠭᠠᠨ᠎ᠠ ᠶᠢᠨ ᠳᠤᠯᠤᠭᠠᠢ ᠰᠠᠮᠨᠠᠬᠤ ᠰᠡᠭᠦᠳᠡᠷ ᠨᠢ ᠭᠦᠷᠳᠡᠯ᠎ᠡ ᠪᠠᠭᠡᠷᠡᠭᠦ ᠪᠣᠢ ᠳ᠋ᠠ
ᠬᠠᠯᠠᠭᠤᠨ ᠦᠳᠦ ᠪᠠᠨ ᠳᠡᠪᠢᠰᠦᠭ᠍ᠰᠡᠨ ᠨᠤᠳᠤᠭ ᠶᠢᠡᠨ ᠣᠯᠬᠤ ᠦᠭᠡᠶ ᠪᠠᠳᠡᠷᠡᠭᠦ ᠪᠣᠢ
ᠬᠠᠷᠢᠯᠠᠬᠤ ᠰᠢᠪᠠᠭᠤᠳ ᠤᠨ ᠬᠣᠢ᠌ᠨ᠎ᠠ ᠡᠴᠠ ᠬᠠᠷᠠᠮᠰᠠᠯ ᠪᠢᠳᠡᠭᠡᠢ ᠵᠠᠯᠭᠢᠭᠠᠷᠠᠢ
ᠰᠦᠷᠦᠭᠯᠡᠭᠦ ᠰᠢᠪᠠᠭᠤᠳ ᠤᠨ ᠬᠣᠢ᠌ᠨ᠎ᠠ ᠡᠴᠠ ᠰᠡᠭᠦᠷᠡᠰᠤ ᠪᠢᠳᠡᠭᠡᠢ ᠠᠯᠳᠠᠭᠠᠷᠠᠢ
ᠰᠦᠮᠠᠨ ᠰᠦᠮᠠᠨ ᠠᠯᠤᠰ ᠲᠤ ᠵᠢᠭᠦᠷ ᠨᠢ ᠨᠢᠮᠭᠡᠷᠡᠵᠤ ᠭᠦᠷᠭᠦ ᠪᠣᠢ ᠳ᠋ᠠ
ᠰᠦ᠋ ᠪᠠᠷ ᠠᠷᠭᠠᠳᠠᠵᠤ ᠴᠢᠳᠠᠳᠠᠭ ᠦᠭᠡᠶ ᠴᠤ ᠳᠠᠭᠤ ᠪᠠᠷ ᠶᠢᠡᠨ ᠠᠷᠭᠠᠮᠵᠢᠵᠤ ᠨᠡᠭᠦᠳᠡᠯᠯᠡᠭᠡ
ᠰᠦᠷᠦᠭᠯᠡᠭᠦ ᠰᠢᠪᠠᠭᠤᠳ ᠤᠨ ᠬᠣᠢ᠌ᠨ᠎ᠠ ᠡᠴᠠ ᠰᠡᠭᠦᠷᠡᠰᠤ ᠪᠢᠳᠡᠭᠡᠢ ᠠᠯᠳᠠᠭᠠᠷᠠᠢ
2012.11.2
ᠵᠤᠬᠢᠶᠠᠭᠴᠢ ᠶᠢᠨ ᠬᠠᠶᠢᠭ ᠄ ᠪᠠᠷᠠᠭᠤᠨ ᠦᠵᠤᠮᠤᠴᠢᠨ
ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11711
ᠴᠠᠭ᠄ 2012 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ