☆ ᠡ᠊·ᠭᠦᠳᠡᠭᠡ
ᠳᠤᠷᠠᠯᠠᠯ ᠤᠨ ᠳᠤᠠᠳᠠᠭᠤᠷ ᠪᠠᠳᠠᠭ
ᠭᠦᠳᠦᠯᠦᠭᠡ ᠨᠢᠭᠡ
ᠮᠢᠨᠤᠭᠢ ᠳᠤᠠᠳᠠᠭᠤᠷ᠂ ᠴᠢᠨᠤᠭᠢ ᠳᠦᠭᠦᠷᠡᠩ ᠪᠣᠯᠬᠤ ᠭᠡᠵᠤ ᠁
ᠬᠠᠷᠠᠭᠠᠨ ᠳᠤ ᠴᠢᠨᠢ
ᠬᠠᠭᠠᠨ ᠪᠣᠯᠬᠤ ᠭᠡᠵᠤ
ᠪᠢ ᠪᠠᠶ᠎ᠠ ᠪᠠᠨ ᠭᠤᠯᠤᠪᠠ᠂
ᠵᠠᠶᠠᠭᠠᠨ ᠳᠤ ᠴᠢᠨᠢ
ᠵᠠᠭᠠᠨ ᠪᠣᠯᠭᠠᠬᠤ ᠭᠡᠵᠤ
ᠪᠢᠷ ᠨᠠᠮᠢ᠋ᠢ ᠭᠤᠶᠤᠪᠠ᠂
ᠵᠢᠷᠦᠭᠡᠨ ᠳᠤ ᠴᠢᠨᠢ
ᠵᠣᠢ᠌ᠳᠠᠯ ᠪᠣᠯᠬᠤ ᠭᠡᠵᠤ
ᠳᠤᠷᠠᠯᠠᠯ ᠳᠠᠭᠤ ᠲᠡᠶ ᠮᠦᠰᠢᠶᠠᠪᠠ᠂
ᠵᠡᠭᠦᠳᠤᠨ ᠳᠤ ᠴᠢᠨᠢ
ᠭᠤᠶᠤᠳᠠᠯ ᠪᠣᠯᠬᠤ ᠭᠡᠵᠤ
ᠰᠦᠨᠢ ᠭᠡᠭᠡᠷᠡᠳᠡᠯᠡ ᠳᠠᠨᠤᠪᠠ᠂
ᠡᠷᠢᠯ ᠳᠤ ᠴᠢᠨᠢ
ᠡᠵᠡᠨ ᠪᠣᠯᠬᠤ ᠭᠡᠵᠤ
ᠵᠠᠮ ᠨᠠᠳᠠ ᠲᠡᠶ ᠵᠤᠯᠭᠠᠪᠠ᠂
ᠰᠠᠷᠠᠯ ᠳᠤ ᠴᠢᠨᠢ
ᠰᠡᠳᠭᠢᠯ ᠪᠣᠯᠬᠤ ᠭᠡᠵᠤ
ᠰᠢᠯᠦᠭ᠌ ᠴᠢᠮ᠎ᠠ ᠲᠡᠶ ᠵᠤᠭᠤᠭᠳᠠᠪᠠ᠃
ᠴᠢᠮ᠎ᠠ ᠣᠷᠤᠭᠤ ᠨᠡᠭᠦᠨ᠎ᠡ
ᠵᠠᠳᠠ ᠡᠷᠭᠢᠭ᠍ᠰᠡᠨ ᠴᠠᠭ ᠤᠨ ᠬᠣᠢ᠌ᠨ᠎ᠠ ᠡᠴᠡ
ᠵᠠᠭᠠᠮ᠎ᠠ ᠪᠠᠨ ᠰᠤᠯᠠᠯᠯᠠᠭᠠᠤᠨ ᠳᠡᠷᠪᠠᠭᠦ ᠥᠭᠡᠢ
ᠵᠠᠶᠠᠭ᠎ᠠ ᠳᠦᠰᠢᠭ᠍ᠰᠡᠨ ᠴᠢᠨᠤ ᠡᠮᠦᠨ᠎ᠡ ᠡᠴᠡ
ᠵᠠᠭᠢᠳᠠᠯ ᠶᠢᠡᠨ ᠡᠪᠦᠷᠯᠡᠭᠡᠳ ᠨᠡᠭᠦᠨ᠎ᠡ ᠰᠢᠤ᠃
ᠰᠠᠨᠠᠭ᠎ᠠ ᠨᠢ ᠵᠡᠮᠳᠡᠭ᠌ ᠰᠠᠭᠠᠷᠮᠠᠭ ᠥᠭᠡᠳᠡ
ᠰᠡᠳᠭᠢᠯ ᠡᠮᠵᠡᠭᠯᠡᠨ ᠳᠦᠭᠦᠭᠦ ᠥᠭᠡᠢ
ᠰᠠᠯᠭᠢ ᠨᠢ ᠡᠮᠨᠢᠭ᠌ ᠨᠤᠳᠤᠭ ᠥᠭ᠍ᠰᠤᠨ
ᠰᠢᠯᠦᠭ᠌ ᠶᠢᠡᠨ ᠨᠡᠷᠡᠭᠡᠳ ᠨᠡᠭᠦᠨ᠎ᠡ ᠰᠢᠤ᠃
ᠪᠣᠳᠤᠯ ᠨᠢ ᠪᠣᠢ᠌ᠳᠠ ᠭᠤᠭᠴᠤᠭ᠎ᠠ ᠳᠠᠢ᠌ᠰᠢ
ᠪᠣᠴᠠᠬᠤ ᠪᠠᠨ ᠮᠠᠷᠳᠠᠨ ᠵᠢᠷᠭᠢᠭᠦ ᠥᠭᠡᠢ
ᠪᠣᠷᠤ ᠵᠢᠷᠦᠭᠡᠨ ᠤ ᠠᠷᠭᠠᠮᠵᠢᠶ᠎ᠠ ᠡᠪᠭᠡᠭ᠍ᠰᠡᠭᠡᠷ
ᠪᠣᠷᠮ᠎ᠠ ᠴᠢᠮ᠎ᠠ ᠣᠷᠤᠭᠤ ᠨᠡᠭᠦᠨ᠎ᠡ ᠰᠢᠤ᠃
ᠡᠷᠳᠡᠮ ᠡᠷᠭᠡᠰ ᠲᠡᠶ ᠪᠠᠨ
ᠡᠷᠭᠢᠵᠤ ᠢᠷᠡᠭᠦ ᠦᠭᠡᠶ ᠪᠠᠷ ᠨᠡᠭᠦᠨ᠎ᠡ
ᠡᠨᠡᠷᠢᠯ ᠳᠤᠷᠠᠯᠠᠯ ᠲᠡᠶ ᠪᠠᠨ
ᠡᠷᠪᠠᠭᠡᠢ ᠴᠢᠮ᠎ᠠ ᠣᠷᠤᠭᠤ ᠨᠡᠭᠦᠨ᠎ᠡ ᠰᠢᠤ᠃
ᠵᠤᠬᠢᠶᠠᠭᠴᠢ᠄ ᠡ᠊·ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ