ᠨᠡᠪᠲᠡᠷᠡᠨ ᠤᠷᠤᠬᠤ
ᠠᠯᠠᠭ ᠨᠢᠳᠤᠨ ᠴᠢᠮ᠎ᠠ ᠳ᠋ᠠᠭᠠᠨ

ᠢᠨᠢᠶᠠᠳᠤ ᠠᠯᠳᠠᠭᠰᠠᠨ ᠴᠢᠷᠠᠢ ᠪᠠᠷ ᠴᠢᠨᠢ ᠳᠠᠷᠠ ᠳᠠᠯ᠎ᠠ

ᠴᠡᠴᠡᠭ᠌ ᠶᠢᠡᠷ ᠭᠤᠶᠤᠵᠤ ᠠᠳᠠᠭᠠᠷᠬᠠᠵᠤ ᠭᠡᠨ᠎ᠡ

ᠢᠴᠢᠵᠤ ᠰᠢᠪᠠᠨᠡᠭ᠍ᠰᠡᠨ ᠢ ᠴᠢᠨᠢ ᠴᠢᠩᠨᠠᠭᠰᠠᠨ ᠳᠠᠷᠠ ᠭᠤᠤᠯ

ᠡᠷᠭᠢ ᠪᠠᠨ ᠢᠪᠠᠨ ᠬᠠᠷᠭᠢᠵᠤ ᠭᠡᠨ᠎ᠡ

ᠨᠠᠮᠬᠠᠨ ᠰᠦᠨᠢ ᠶᠢᠨ ᠰᠠᠷᠠᠨ ᠶᠢᠡᠷ ᠭᠡᠭᠡ ᠪᠠᠷᠢᠨ ᠱᠤᠩᠭ᠋ᠤᠯᠠᠭᠰᠠᠨ

ᠨᠤᠳᠤᠭ ᠤᠨ ᠭᠦᠭᠡ ᠰᠠᠯᠭᠢ ᠪᠦᠳᠦᠴᠢᠨ ᠪᠠᠢ᠌ᠵᠤ ᠭᠦᠢᠴᠡᠵᠤ

ᠰᠡᠪᠠᠯᠭᠡ ᠢᠯᠪᠢᠭᠦ ᠢᠯᠳᠠᠮ ᠵᠢᠠᠷ

ᠰᠠᠮ ᠰᠡᠮᠭᠡᠨ ᠥᠨᠦᠰᠦᠭ᠍ᠰᠡᠨ

ᠰᠠᠯᠭᠢ ᠭᠦᠷᠳᠡᠯ᠎ᠡ ᠠᠷᠭᠠᠳᠠᠭᠰᠠᠨ ᠳᠠᠷᠠ ᠯᠠ ᠨᠤᠳᠤᠭ ᠤᠨ

ᠰᠠᠢ᠌ᠬᠠᠨ ᠴᠢᠮ᠎ᠠ ᠳᠠᠭᠠᠨ ᠪᠢ ᠬᠠᠢ᠌ᠷᠠᠳᠠᠢ


ᠰᠠᠪ ᠦᠭᠡᠶ ᠠᠷᠢᠭᠤᠨ ᠰᠡᠳᠭᠢᠯ ᠶᠢᠡᠷ ᠴᠢᠮ᠎ᠠ ᠪᠠᠨ ᠪᠢ ᠬᠠᠢ᠌ᠷᠠᠯᠠᠵᠤ

ᠰᠡᠷᠮᠡᠭᠦᠨ ᠬᠠᠩᠭ᠋ᠠᠢ ᠰᠢᠭ᠌ ᠶᠢᠡᠨ ᠳᠡᠨᠡᠢ᠌ᠭᠦ ᠭᠡᠰᠡᠨ ᠶᠤᠮ

ᠭᠡᠨᠡᠨ ᠬᠤᠩᠭ᠋ᠤᠷ ᠨᠠᠰᠤ ᠪᠠᠨ ᠵᠤᠷᠢᠭᠤᠯᠤᠨ ᠪᠠᠢ᠌ᠵᠤ

ᠭᠡᠳᠡᠷᠭᠦ ᠬᠠᠷᠠᠬᠤ ᠶᠢᠨ ᠵᠠᠪ ᠦᠭᠡᠶ ᠴᠢᠮ᠎ᠠ ᠣᠷᠤᠭᠤ ᠶᠠᠪᠣᠵᠤ ᠪᠠᠢ᠌ᠨ᠎ᠠ

ᠵᠢᠷᠭᠢᠭᠦ ᠰᠢᠪᠠᠭᠤᠳ ᠤᠨ ᠳᠠᠭᠤ ᠪᠠᠷ ᠡᠭᠡᠰᠢᠭ᠌ ᠪᠠᠷᠢᠨ ᠵᠥᠭᠯᠡᠵᠤ

ᠵᠢᠷᠦᠭᠡ ᠪᠠᠷ ᠶᠢᠡᠨ ᠯᠠ ᠪᠢ ᠴᠢᠮ᠎ᠠ ᠣᠷᠤᠭᠤ ᠳᠠᠮᠠᠤᠯᠡᠵᠤ ᠪᠠᠢ᠌ᠨ᠎ᠠ

ᠠᠮᠠᠷᠠᠭ ᠬᠠᠢ᠌ᠷ᠎ᠠ ᠶᠢᠨ ᠠᠯᠳᠠᠨ ᠵᠤᠯᠠ

ᠠᠯᠠᠭ ᠨᠢᠳᠤᠨ ᠴᠢᠮ᠎ᠠ ᠳᠠᠭᠠᠨ ᠪᠢ ᠬᠠᠢ᠌ᠷᠠᠳᠠᠢ


ᠨᠠᠰᠤ ᠨᠠᠰᠤ ᠶᠢ ᠨᠡᠮᠡᠭᠦ ᠳ᠋ᠤ

ᠨᠠᠢ᠌ᠷ ᠨᠠᠢ᠌ᠷ ᠢ ᠭᠦᠯᠢᠶᠡᠵᠤ ᠬᠠᠢ᠌ᠷᠠᠯᠠᠭᠰᠠᠨ ᠶᠤᠮ

ᠨᠠᠮᠤᠷ ᠨᠠᠮᠤᠷ ᠢ ᠪᠣᠴᠠᠬᠤ ᠳ᠋ᠤ

ᠨᠡᠭᠦᠳᠡᠯ ᠨᠡᠭᠦᠳᠡᠯ ᠢ ᠨᠡᠭᠡᠵᠤ ᠬᠠᠢ᠌ᠷᠠᠯᠠᠭᠰᠠᠨ ᠶᠤᠮ

ᠠᠶᠤᠤᠯᠢᠬᠠᠢ ᠴᠡᠭᠡᠵᠢ ᠶᠢ ᠮᠢᠨᠢ ᠠᠭᠠᠷ ᠰᠢᠭ ᠡᠵᠡᠯᠡᠭ᠍ᠰᠡᠨ

ᠠᠯᠠᠭ ᠨᠢᠳᠤᠨ ᠴᠢᠮ᠎ᠠ ᠳᠠᠭᠠᠨ ᠪᠢ ᠬᠠᠢ᠌ᠷᠠᠳᠠᠢ


ᠴᠢᠮ᠎ᠠ ᠳᠠᠭᠠᠨ ᠪᠢ ᠣᠴᠢᠨ᠎ᠠ

ᠴᠢᠮᠡᠭ᠌ ᠪᠦᠷᠢᠨ ᠵᠠᠰᠠᠯ ᠶᠢᠡᠷ ᠣᠴᠢᠬᠤ ᠪᠢᠰᠢ

ᠴᠢᠩ ᠬᠠᠢ᠌ᠷ᠎ᠠ ᠶᠢᠨ ᠣᠨᠠᠭᠠᠨ ᠳᠦᠷᠭᠦ ᠪᠠᠷ ᠶᠢᠡᠨ ᠯᠠ ᠣᠴᠢᠨ᠎ᠠ

ᠠᠯᠳᠠᠩᠬᠠᠨ ᠭᠤᠪᠢ ᠪᠠᠨ ᠳᠤᠭᠤᠯᠬᠤ

ᠠᠳᠠᠨ ᠳᠡᠮᠡᠭᠡᠨ ᠤ ᠪᠦᠭᠦᠨ ᠳᠡᠭᠡᠷ᠎ᠡ ᠳᠦᠷᠠᠯᠵᠠᠵᠤ ᠣᠴᠢᠨ᠎ᠠ

ᠠᠯᠤᠰ ᠢ ᠵᠤᠷᠢᠭᠰᠠᠨ ᠳᠠᠪᠭᠢᠭ᠎ᠠ ᠳᠠᠢ

ᠠᠷᠭᠤᠮᠠᠭ ᠭᠦᠯᠦᠭ᠌ ᠤᠨ ᠳᠠᠯ ᠳᠡᠭᠡᠷ᠎ᠡ ᠠᠰᠠᠵᠤ ᠣᠴᠢᠨ᠎ᠠ


ᠡᠨᠡ ᠯᠠ ᠶᠠᠪᠣᠭ᠎ᠠ ᠨᠠᠰᠤᠨ ᠳ᠋ᠤ

ᠨᠠᠷ᠎ᠠ ᠪᠠᠨ ᠮᠠᠷᠳᠠᠵᠤ ᠣᠴᠢᠨ᠎ᠠ

ᠡᠷᠭᠡᠰ ᠭᠠᠷᠠᠭ ᠤᠨ ᠣᠷᠴᠢᠯ ᠳ᠋ᠤ

ᠨᠠᠷᠠ ᠪᠠᠨ ᠠᠪᠴᠤ ᠯᠠ ᠣᠴᠢᠨ᠎ᠠ

ᠠᠯᠠᠭ ᠨᠢᠳᠤᠨ ᠴᠢᠮ᠎ᠠ ᠳᠠᠭᠠᠨ ᠪᠢ

ᠠᠷᠭ᠎ᠠ ᠦᠭᠡᠶ ᠬᠠᠢ᠌ᠷᠠᠳᠠᠢ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2010 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ