ᠨᠡᠪᠲᠡᠷᠡᠨ ᠤᠷᠤᠬᠤ
ᠠᠩᠬᠠᠨ ᠤ ᠴᠠᠰᠤ
( ᠭᠠᠳᠠᠨ᠎ᠠ ᠨᠢᠭᠡ )

ᠠᠩᠬᠠᠨ  ᠤ ᠴᠠᠰᠤ

ᠠᠶ‍ᠠᠷ ᠠᠶ‍ᠠᠷᠬᠠᠨ

ᠠᠯᠠᠭᠠᠨ ᠳᠡᠭᠡᠷ᠎ᠡ ᠮᠢᠨᠢ ᠪᠠᠭᠤᠨ᠎ᠠ ᠂

ᠠᠳᠠᠷ ᠳᠡᠭᠡᠷ᠎ᠡ ᠮᠢᠨᠢ ᠪᠠᠭᠤᠨ᠎ᠠ ᠃

ᠡᠪᠦᠯ  ᠦᠨ ᠴᠡᠰᠤ

ᠡᠪᠭᠡᠷ ᠡᠪᠭᠡᠷᠡᠨ

ᠡᠭᠡᠷᠡᠮ᠎ᠡ ᠳᠡᠭᠡᠷ᠎ᠡ ᠮᠢᠨᠢ ᠪᠠᠭᠤᠨ᠎ᠠ ᠂

ᠡᠷᠭᠢᠴᠡᠭᠦᠯᠦᠯ ᠳᠡᠭᠡᠷ᠎ᠡ ᠮᠢᠨᠢ ᠪᠠᠭᠤᠨ᠎ᠠ ᠃

ᠠᠷᠢᠭᠤᠨ ᠴᠠᠭᠠᠨ ᠳᠡᠭ᠍ᠷᠢ ᠵᠢᠨ ᠡᠯᠴᠢ

ᠰᠡᠷᠡᠪᠴᠢᠨ ᠳᠡᠭᠡᠷ᠎ᠡ ᠮᠢᠨᠢ ᠪᠠᠭᠤᠨ᠎ᠠ ᠂

ᠰᠠᠨᠠᠭᠠᠨ ᠳᠡᠭᠡᠷ᠎ᠡ ᠮᠢᠨᠢ ᠪᠠᠭᠤᠨ᠎ᠠ ᠃

ᠠᠩᠭᠢᠯᠤᠮ᠎ᠠ ᠮᠦᠯᠰᠤᠨ

ᠬᠠᠢ᠌ᠷ᠎ᠠ ᠵᠢᠨ ᠳᠠᠭᠢᠨᠢ

ᠠᠭᠠᠷ ᠳᠡᠭᠡᠷ᠎ᠡ ᠡᠴᠡ ᠪᠦᠵᠢᠭᠯᠡᠨ ᠪᠠᠭᠤᠨ᠎ᠠ ᠂

ᠠᠯᠳᠠᠨ ᠳᠡᠯᠡᠭᠡᠢ  ᠳᠤ ᠬᠠᠨᠢᠰᠠᠨ ᠪᠠᠭᠤᠨ᠎ᠠ ᠃



ᠡᠯᠡᠰᠤᠨ ᠰᠢᠭᠤᠷᠭ᠎ᠡ


ᠡᠭᠡ ᠨᠤᠳᠤᠭ ᠮᠢᠨᠢ ᠪᠠᠰᠠᠯᠠ

ᠡᠯᠡᠰᠤᠨ ᠰᠢᠭᠤᠷᠭ᠎ᠠ ᠳᠡᠭ᠍ᠳᠡᠴᠢᠭᠡᠯ᠎ᠡ !

ᠥᠪᠣᠷ ᠮᠤᠩᠭ᠋ᠤᠯ ᠮᠢᠨᠢ ᠪᠠᠰᠡᠯᠡ

ᠥᠭᠡᠨ  ᠤ ᠰᠡᠵᠢᠭᠦᠷ ᠬᠠᠪᠴᠢᠭᠳᠠᠴᠢᠬᠠᠯ᠎ᠠ !

ᠪᠠᠢ᠌ᠭᠠᠯᠢ ᠡᠭᠡ ᠪᠠᠨ ᠬᠠᠮᠠᠭᠠᠯᠠᠬᠤ

ᠪᠠᠴᠢᠮ ᠵᠠᠷᠯᠢᠭ ᠪᠠᠭᠤᠯᠭᠠᠴᠢᠬᠠᠯ᠎ᠠ !

ᠪᠠᠳᠠᠢ ᠵᠢᠨ ᠵᠢᠷᠠᠨ ᠢ ᠵᠠᠰᠠᠬᠤ

ᠪᠠᠢ᠌ᠳᠠᠯ  ᠦᠨ ᠰᠤᠨᠢᠨ ᠣᠯᠠᠮᠵᠢᠯᠠᠴᠢᠬᠠᠯ᠎ᠠ !

ᠨᠤᠮᠢᠨ ᠨᠤᠭᠤᠭᠠᠨ ᠪᠠᠢ᠌ᠭᠰᠠᠨ ᠳᠠᠯ᠎ᠠ ᠮᠢᠨᠢ

ᠡᠩᠭᠡᠷ ᠨᠢ ᠶ‍ᠠᠭᠠᠭᠢᠭᠠᠤᠨ ᠬᠠᠯᠴᠢᠷᠠᠪᠠ ᠳ᠋ᠠ !

ᠨᠤᠭᠳᠤᠷᠤ ᠰᠢᠪᠠᠭᠤ ᠥᠷᠭᠦᠳᠡᠭ᠌ ᠡᠪᠠᠰᠤ ᠮᠢᠨᠢ

ᠦᠠᠳᠤᠰᠤ ᠨᠢ ᠶ‍ᠠᠭᠠᠭᠢᠭᠠᠤᠨ ᠰᠢᠷᠠᠯᠠᠪᠠ ᠳ᠋ᠠ !

ᠲᠤᠷ᠎ᠠ ᠳᠠᠪᠠ ᠪᠠᠷ ᠵᠢᠨ ᠠᠳᠠᠷ ᠬᠠᠭᠠᠯᠪᠣᠷᠢᠯᠠᠭᠰᠠᠭᠠᠷ

ᠲᠤᠬᠤ ᠪᠠᠷ ᠵᠢᠡᠨ ᠣᠳᠤ ᠰᠠᠪᠠᠭᠳᠠᠵᠤ ᠰᠢᠤ !

ᠲᠤᠳᠠᠭᠤ ᠳᠤᠷᠭᠤᠨ ᠵᠠᠷᠯᠢᠭ ᠪᠠᠭᠤᠯᠭᠠᠭᠰᠠᠭᠠᠷ

ᠨᠤᠳᠤᠭ ᠵᠢᠡᠨ ᠣᠳᠤ ᠡᠯᠡᠰᠦᠷᠭᠡᠭ᠍ᠵᠢᠭᠦᠯᠵᠤ ᠰᠢᠤ !

ᠰᠢᠭᠤᠷᠠᠭᠠᠤᠨ ᠢᠷᠡᠭᠦ ᠡᠯᠡᠰᠤᠨ  ᠤ ᠭᠢᠨᠢ

ᠮᠥᠭᠦᠯᠢᠭ᠌ ᠨᠢ ᠪᠢᠯᠠ ᠡᠭᠡ ᠨᠤᠳᠤᠭ ᠮᠢᠨᠢ !

ᠮᠡᠯᠮᠡᠷᠡᠭᠡᠤᠨ ᠢᠷᠡᠭᠦ ᠨᠢᠳᠤᠨ  ᠤ ᠭᠢᠨᠢ

ᠨᠢᠯᠪᠣᠰᠤ ᠨᠢ ᠪᠢᠯᠠ ᠡᠭᠡ ᠨᠤᠳᠤᠭ ᠮᠢᠨᠢ !

ᠬᠠᠭᠠᠷᠢᠭᠠᠤᠨ ᠢᠷᠡᠭᠦ ᠵᠢᠪᠠᠷ  ᠦᠨ ᠭᠢᠨᠢ

ᠥᠵᠦᠭᠦᠷ ᠨᠢ ᠪᠢᠯᠠ ᠡᠭᠡ ᠨᠤᠳᠤᠭ ᠮᠢᠨᠢ !

ᠬᠠᠭᠰᠠᠷᠠᠭᠠᠤᠨ ᠢᠷᠡᠭᠦ ᠬᠠᠪᠣᠷ  ᠦᠨ ᠭᠢᠨᠢ

ᠥᠩᠭᠡ ᠨᠢ ᠪᠢᠯᠠ ᠡᠭᠡ ᠨᠤᠳᠤᠭ ᠮᠢᠨᠢ!

ᠣᠷᠭᠤᠬᠤ ᠴᠤ ᠪᠣᠯᠤᠭ ᠬᠠᠳᠠᠬᠤ ᠴᠤ ᠪᠣᠯᠤᠭ

ᠥᠷ᠎ᠠ ᠨᠢ ᠪᠣᠯᠵᠤ ᠨᠤᠳᠤᠭ ᠲᠠᠭᠠᠨ ᠣᠷᠭᠤᠶ᠎ᠠ !

ᠠᠭᠤᠴᠢᠯᠠᠬᠤ ᠴᠤ ᠪᠣᠯᠤᠭ ᠥᠷᠦᠰᠢᠶ‍ᠡᠭᠦ ᠴᠤ ᠪᠣᠯᠤᠭ

ᠣᠰᠤᠯ ᠨᠢ ᠪᠣᠯᠵᠤ ᠴᠢᠮ᠎ᠠ ᠪᠠᠨ ᠰᠠᠭᠢᠶ᠎ᠠ !

ᠵᠤᠬᠢᠶᠠᠭᠴᠢ᠄ ᠭᠦᠢ ᠶᠢᠩ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 6425
ᠴᠠᠭ᠄ 2004 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ