☆ ᠮᠣ᠊·ᠮᠥᠩᠭᠡᠪᠠᠳᠤ
ᠴᠢᠮᠢ᠋ᠢ ᠠᠷᠭᠠᠳᠠᠶ᠎ᠠ
ᠴᠢᠩ ᠦᠨᠡᠠᠴᠢ ᠬᠠᠢ᠌ᠷ᠎ᠠ ᠪᠠᠷ
ᠵᠠᠶᠠᠭ᠎ᠠ ᠶᠢ ᠴᠢᠨᠢ ᠠᠷᠭᠠᠳᠠᠶ᠎ᠠ
ᠴᠢᠰᠤᠨ ᠳᠤ ᠯᠤᠭᠰᠢᠬᠤ ᠡᠰ ᠶᠢᠡᠷ
ᠵᠡᠭᠦᠳᠤᠨ ᠳᠡᠭᠡᠨ ᠴᠢᠮᠢ᠋ᠢ᠌ ᠠᠷᠭᠠᠳᠠᠶ᠎ᠠ᠂
ᠠᠵᠠ ᠵᠢᠷᠭᠠᠯ ᠤᠨ ᠢᠨᠢᠶᠠᠳᠤ ᠪᠠᠷ
ᠡᠳᠦᠷ ᠡᠳᠦᠷ ᠠᠷᠭᠠᠳᠠᠶ᠎ᠠ
ᠠᠮᠠᠷᠠᠭ ᠬᠠᠨᠢ ᠶᠢᠨ ᠪᠠᠬᠠᠷᠬᠠᠯ ᠶᠢᠡᠷ
ᠡᠩᠭᠦᠷᠡᠢ᠌ᠯᠡᠨ ᠴᠢᠮᠢ᠋ᠢ ᠠᠷᠭᠠᠳᠠᠶ᠎ᠠ᠂
ᠴᠡᠴᠡᠭ᠌ ᠤᠨ ᠠᠯᠠᠭ ᠰᠢᠭᠦᠳᠡᠷᠢ ᠪᠠᠷ
ᠨᠢᠯᠪᠣᠰᠤ ᠶᠢ ᠴᠢᠨᠢ ᠠᠷᠭᠠᠳᠠᠶ᠎ᠠ
ᠴᠡᠪᠠᠷᠭᠡᠨ ᠭᠡᠨᠡᠨ ᠳᠤᠷᠠᠯᠠᠯ ᠶᠢᠡᠷ
ᠨᠢᠯᠬᠠᠷᠠᠨ ᠪᠠᠢ᠌ᠵᠤ ᠠᠷᠭᠠᠳᠠᠶ᠎ᠠ᠂
ᠡᠷ᠎ᠡ ᠭᠦᠮᠤᠨ ᠤ ᠬᠠᠯᠠᠮᠵᠢ ᠪᠠᠷ
ᠵᠦᠪ ᠥᠭ᠍ᠴᠤ ᠠᠷᠭᠠᠳᠠᠶ᠎ᠠ
ᠡᠳ᠋ᠯᠡᠭᠡ ᠦᠭᠡᠶ ᠵᠢᠷᠭᠠᠯ ᠪᠠᠯᠡᠭᠯᠡᠵᠤ
ᠵᠥᠪᠭᠡᠨ ᠴᠢᠮᠢ᠋ᠢ ᠠᠷᠭᠠᠳᠠᠶ᠎ᠠ᠂
ᠨᠠᠢ᠌ᠷᠠᠭ ᠤᠨ ᠵᠢᠷᠦᠭᠡ ᠪᠠᠷ
ᠰᠢᠯᠦᠭ᠌ ᠪᠢᠴᠢᠨ ᠠᠷᠭᠠᠳᠠᠶ᠎ᠠ
ᠨᠠᠮᠢ᠋ᠢ ᠭᠡᠰᠡᠨ ᠰᠡᠳᠭᠢᠯ ᠢ ᠴᠢᠨᠢ
ᠰᠢᠳᠤᠨ ᠪᠢᠰᠢᠷᠠᠵᠤ ᠠᠷᠭᠠᠳᠠᠶ᠎ᠠ᠂
ᠬᠤᠷᠢᠮ ᠤᠨ ᠪᠦᠭᠡᠵᠢ ᠵᠡᠭᠦᠯᠭᠡᠵᠤ
ᠭᠡᠦᠭᠡᠨ ᠨᠠᠰᠤ ᠶᠢ ᠴᠢᠨᠢ ᠠᠷᠭᠠᠳᠠᠶ᠎ᠠ
ᠬᠤᠩᠭ᠋ᠤᠷ ᠭᠦᠭᠡᠷᠦᠭᠦᠨ ᠦᠷ᠎ᠡ ᠲᠡᠶ ᠴᠢᠨᠢ
ᠭᠦᠡᠳᠦᠳᠭᠡᠨ ᠪᠠᠢ᠌ᠵᠤ ᠠᠷᠭᠠᠳᠠᠶ᠎ᠠ᠃
ᠵᠤᠬᠢᠶᠠᠭᠴᠢ ᠶᠢᠨ ᠬᠠᠶᠢᠭ᠄ ᠪᠠᠶᠠᠠᠭᠤᠤᠯ ᠵᠸᠤ ᠤᠨ ᠾᠸᠵᠢᠩ ᠰᠢᠶᠠᠨ
ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ