☆ ᠯ·ᠣᠳᠤᠨ
《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠢ ᠡᠯ᠎ᠡ ᠴᠠᠭ ᠦᠶ᠎ᠡ ᠶᠢᠨ ᠬᠠᠷᠠᠭᠠᠰᠤ ᠡᠴᠡ ᠠᠪᠤᠨ ᠰᠢᠡᠵᠢᠭᠦ ᠨᠢ
ᠨᠢᠭᠡ ᠄ ᠦᠩ ᠵᠤᠵᠠᠭᠠᠨ ᠰᠤᠶᠤᠯ ᠤᠨ ᠭᠦᠷᠦᠰᠤ ᠰᠢᠷᠤᠢ
ᠲ᠋ᠡᠭᠡᠳᠤ ᠮᠤᠩᠭ᠋ᠤᠯ ᠤᠨ ᠠᠷᠠᠤᠨ ᠤᠨ ᠳᠠᠭᠤᠤ 《ᠣᠨᠠᠭᠠᠨ ᠪᠠᠭᠠᠬᠠᠨ ᠭᠡᠭᠡᠷ》 ᠳᠤ 《ᠵᠥᠯᠭᠡᠨ ᠳᠤᠮᠳᠠ ᠪᠠᠨ ᠣᠷᠭᠤᠨ᠎ᠠ ᠴᠡᠴᠡᠭ᠌ / ᠵᠢᠷᠦᠭᠡᠨ ᠳᠤᠮᠳᠠ ᠪᠠᠨ ᠡᠩᠭᠦᠷᠡᠢ᠌ᠯᠡᠨᠡ ᠡᠵᠢ/ ᠡᠯᠡᠰᠤᠨ ᠳᠤᠮᠳᠠ ᠪᠠᠨ ᠣᠷᠭᠤᠨ᠎ᠠ ᠴᠡᠴᠡᠭ᠌/ ᠡᠯᠢᠭᠡᠨ ᠳᠤᠮᠳᠠ ᠪᠠᠨ ᠦᠰᠭᠡᠨ᠎ᠡ ᠡᠵᠢ》 ᠭᠡᠳ ᠳᠠᠭᠤᠯᠠᠳᠠᠭ᠃ ᠡᠪᠠᠰᠤ ᠣᠷᠭᠤᠮᠠᠯ᠂ ᠭᠦᠷᠦᠰᠤ ᠰᠢᠷᠤᠢ᠂ ᠡᠵᠢ ᠦᠷ᠎ᠡ ᠬᠠᠷᠢᠯᠴᠠᠨ ᠰᠢᠳᠤᠯᠴᠠᠨ ᠠᠭᠤᠰᠤᠯᠴᠠᠨ ᠣᠷᠤᠰᠢᠳᠠᠭ ᠪᠠᠢ᠌ᠭᠠᠯᠢ ᠳᠡᠯᠡᠭᠡᠢ᠂ ᠭᠦᠮᠤᠨ ᠨᠡᠢ᠌ᠭᠡᠮ ᠤᠨ ᠶᠤᠰᠤ ᠶᠢ ᠡ᠊ᠨᠳᠡ ᠡᠪᠳᠡᠢ᠌ᠭᠡᠨ ᠵᠣᠢ᠌ᠷᠯᠠᠨ ᠥᠵᠡᠭᠦᠯᠵᠡᠢ᠃ ᠭᠦᠳᠡᠭᠡ ᠶᠢᠨ ᠪᠣᠷᠤ ᠳᠤᠭᠤᠰᠤᠨ ᠳᠤᠮᠳᠠ ᠭᠡᠭᠡᠷ᠎ᠡ ᠶᠢᠨ ᠰᠠᠯᠭᠢ ᠪᠠᠷ ᠭᠤᠶᠠᠳᠠᠭᠤᠯᠵᠤ ᠮᠠᠯ᠂ ᠨᠠᠷᠠ᠂ ᠪᠠᠯᠴᠢᠭᠡᠷ ᠭᠤᠷᠪᠠ ᠪᠠᠨ ᠬᠠᠷᠢᠭᠤᠯᠤᠨ ᠶᠠᠪᠣᠭ᠎ᠠ ᠡᠩ ᠤᠨ ᠠᠷᠠᠤᠨ ᠤᠨ ᠰᠡᠳᠭᠢᠯ ᠣᠶᠤᠨ ᠡᠴᠡ ᠡᠢ᠌ᠮᠦᠷᠭᠦ ᠰᠢᠯᠦᠭᠯᠢᠭ᠌ ᠪᠠᠶᠠᠨ ᠠᠬᠤᠢ᠂ ᠣᠶᠠᠩᠭ᠋ᠠᠯᠠᠭ ᠰᠠᠨᠠᠭ᠎ᠠ ᠣᠷᠭᠤᠨ ᠭᠠᠷᠴᠤ ᠪᠠᠢ᠌ᠭᠰᠠᠨ ᠢ ᠪᠣᠳᠤᠬᠤ ᠳᠤ ᠭᠠᠢ᠌ᠬᠠᠨ ᠪᠢᠰᠢᠷᠠᠮᠠᠷ᠃ ᠣᠳᠤ ᠭᠦᠷᠳᠡᠯ᠎ᠡ ᠠᠮᠠ ᠪᠠᠷ ᠣᠯᠠᠮᠵᠢᠯᠠᠭᠳᠠᠨ ᠳᠠᠭᠤᠯᠠᠭᠳᠠᠨ ᠢᠷᠡᠭ᠍ᠰᠡᠨ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ᠂ ᠢᠷᠦᠭᠡᠯ ᠮᠠᠭᠳᠠᠭᠠᠯ᠂ ᠪᠠᠭᠠᠳᠤᠷᠯᠢᠭ ᠳᠤᠤᠯᠢ᠂ ᠢᠨᠠᠭ ᠤᠨ ᠳᠠᠭᠤᠤ ᠪᠦᠷ ᠳᠠᠷᠠ ᠶᠠᠩᠵᠤ ᠪᠠᠷ ᠶᠢᠡᠨ ᠠᠷᠠᠤᠨ ᠤᠨ ᠠᠮᠠᠨ ᠰᠤᠶᠤᠯ᠂ ᠠᠮᠠᠨ ᠢᠷᠠᠭᠤ ᠨᠠᠢ᠌ᠷᠠᠭ ᠪᠣᠯᠬᠤ ᠶᠤᠮ᠃ ᠮᠦᠨᠴᠤ ᠦᠨᠦᠳᠤᠷ ᠤᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠦᠩ ᠰᠢᠮᠡᠯᠢᠭ᠌ ᠭᠦᠷᠦᠰᠤ ᠰᠢᠷᠤᠢ᠂ ᠡᠭᠦᠰᠦᠯ ᠭᠦᠭ᠍ᠵᠢᠯ ᠤᠨ ᠣᠯᠠ ᠰᠠᠭᠤᠷᠢ ᠪᠣᠯᠬᠤ ᠨᠢ ᠭᠠᠷᠴᠠᠭ᠎ᠠ ᠦᠭᠡᠶ᠃ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠳᠤ ᠬᠠᠭᠠᠨ ᠨᠤᠶᠠᠤᠨ᠂ ᠠᠪᠣ᠂ ᠡᠭᠡ ᠨᠤᠳᠤᠭ᠂ ᠱᠠᠰᠢᠨ ᠨᠤᠮ᠂ ᠭᠦᠮᠤᠨ ᠪᠠᠢ᠌ᠭᠠᠯᠢ᠂ ᠠᠮᠢᠳᠠᠨ ᠪᠣᠳᠠᠰ᠂ ᠮᠠᠯ ᠠᠬᠤᠢ᠂ ᠠᠵᠤ ᠠᠮᠢᠳᠤᠷᠠᠯ᠂ ᠬᠠᠢ᠌ᠷ᠎ᠠ ᠳᠤᠷᠠᠯᠠᠯ᠂ ᠵᠠᠩ ᠰᠤᠶᠤᠯ ᠶᠢᠡᠷ ᠰᠡᠳᠦᠪᠯᠡᠭ᠍ᠰᠡᠨ ᠳᠠᠭᠤᠤ ᠮᠠᠰᠢ ᠠᠷᠪᠢᠨ ᠪᠣᠢ᠃ ᠳᠡᠭᠡᠭᠡᠳ ᠳᠠᠭᠤᠤ ᠶᠢᠨ ᠥᠭᠡ ᠨᠢ ᠤᠳᠬ᠎ᠠ ᠭᠦᠨ᠂ ᠠᠭᠤᠯᠭ᠎ᠠ ᠡᠯᠪᠠᠭ᠌᠂ ᠭᠡᠯᠡ ᠭᠡᠯᠡᠯᠭᠡ ᠪᠣᠷᠤᠭᠵᠢᠭᠤᠨ ᠶᠡᠷᠦᠮᠳᠡᠭ᠌ ᠪᠠᠭᠳᠠᠭᠠᠮᠵᠢ ᠰᠠᠢ᠌ᠳᠠᠢ ᠮᠦᠷᠳᠡᠭᠡᠨ ᠵᠤᠭᠢᠬᠤ ᠣᠷᠠᠯᠢᠭ ᠤᠨ ᠪᠣᠯᠪᠠᠰᠤᠷᠠᠯ ᠳᠤ ᠭᠦᠷᠦᠭ᠍ᠰᠡᠨ ᠪᠠᠢ᠌ᠳᠠᠭ᠃ 《ᠠᠴᠢᠳᠤ ᠳᠡᠭᠡᠳᠤ ᠪᠣᠭᠳᠠ》 ᠭᠡᠮᠡᠭᠦ ᠳᠠᠭᠤᠤ ᠳᠤ 《ᠠᠭᠤᠯᠠᠨ ᠳᠡᠭᠡᠷ᠎ᠡ ᠪᠠᠨ ᠣᠷᠭᠤᠭᠰᠠᠨ/ ᠣᠯᠠᠭᠠᠨ ᠽᠠᠠᠳᠠᠨ ᠯᠠ ᠰᠢᠭᠤᠢ/ ᠡᠪᠦᠯ ᠬᠠᠪᠣᠷ ᠤᠨ ᠯᠠ ᠰᠠᠯᠭᠢᠨ ᠳᠤ ᠨᠢ/ ᠦᠶ᠎ᠡ ᠶᠢᠨ ᠨᠢᠭᠡ ᠯᠠ ᠨᠠᠢ᠌ᠭᠤᠨ᠎ᠠ》 ᠭᠡᠳ ᠳᠠᠭᠤᠯᠠᠨ᠎ᠠ᠃ ᠳᠠᠭᠤᠤ ᠶᠢ ᠨᠢ ᠰᠤᠨᠤᠰᠬᠤ ᠡᠴᠡ ᠡᠮᠦᠨ᠎ᠡ ᠥᠭᠡ ᠶᠢ ᠨᠢ ᠣᠩᠰᠢᠭᠠᠤᠨ ᠰᠠᠭᠤᠬᠤ ᠳᠤ ᠰᠡᠳᠭᠢᠯ ᠬᠠᠢ᠌ᠯᠤᠭᠤᠯᠤᠮᠠ ᠮᠦᠷᠦᠭᠡᠳᠦᠯ ᠤᠨ ᠠᠶᠠᠰ ᠵᠥᠩᠳᠡᠭᠡᠨ ᠵᠢᠷᠦᠭᠡᠨ ᠡᠴᠡ ᠣᠭᠵᠤᠷᠠᠭᠠᠤᠨ ᠠᠪᠳᠠᠭ ᠨᠢ ᠰᠤᠨᠢᠨ᠃ ᠮᠤᠩᠭ᠋ᠤᠯᠴᠤᠳ ᠶᠠᠭᠠᠭᠢᠵᠤ ᠪᠠᠢ᠌ᠭᠠᠯᠢ ᠣᠷᠴᠢᠨ ᠲᠡᠶ ᠪᠠᠨ ᠰᠡᠳᠭᠢᠯ ᠶᠢᠡᠷ ᠶᠢᠡᠨ ᠨᠠᠢ᠌ᠯᠠᠨ ᠠᠭᠤᠰᠳᠠᠭ ᠪᠠᠢ᠌ᠭᠰᠠᠨ ᠤ ᠨᠠᠷᠢᠨ ᠨᠢᠭᠤᠴᠠ ᠡ᠊ᠨᠳᠡ ᠪᠠᠶᠠᠯᠠᠯ ᠶᠢᠡᠨ ᠣᠯᠵᠤ ᠪᠠᠢ᠌ᠭ᠎ᠠ᠃ ᠵᠢᠯ ᠤᠨ ᠳᠦᠷᠪᠠᠨ ᠣᠯᠠᠷᠢᠯ ᠳᠤ ᠪᠠᠢ᠌ᠭᠠᠯᠢ ᠳᠡᠯᠡᠭᠡᠢ ᠲᠡᠶ ᠪᠠᠨ ᠠᠮᠢᠨ ᠬᠠᠢ᠌ᠷ᠎ᠠ ᠨᠢᠭᠡᠳᠡᠢ ᠶᠠᠪᠣᠳᠠᠭ ᠨᠡᠭᠦᠳᠡᠯᠴᠢᠨ ᠤ ᠵᠢᠷᠦᠭᠡ ᠰᠡᠳᠭᠢᠯ᠂ ᠪᠢᠯᠢᠭ᠌ ᠣᠶᠤᠨ ᠡᠴᠡ ᠡᠢ᠌ᠮᠦᠷᠭᠦ ᠰᠤᠩᠭᠤᠳᠠᠭ ᠪᠠᠳᠠᠭ ᠦᠪᠡᠷ ᠶᠢᠡᠨ ᠢᠪᠢᠯᠤᠨ ᠠᠰᠬᠠᠷᠠᠳᠠᠭ ᠪᠠᠢ᠌ᠭᠰᠠᠨ ᠨᠢ ᠣᠢ᠌ᠯᠠᠭᠠᠮᠵᠢᠳᠠᠢ᠃
ᠲ᠋ᠡᠭᠡᠳᠤ ᠮᠤᠩᠭ᠋ᠤᠯ ᠤᠨ ᠳᠤᠮᠳᠠ ᠳᠡᠭᠡᠷ᠎ᠡ ᠳᠤᠷᠠᠳᠤᠭᠰᠠᠨ ᠠᠷᠠᠤᠨ ᠤᠨ ᠳᠠᠭᠤᠤ ᠡᠴᠡ ᠭᠠᠳᠠᠨ᠎ᠠ ᠪᠠᠰᠠ 《ᠪᠠᠶᠠᠨ ᠰᠦᠩ ᠤᠨ ᠢᠷᠦᠭᠡᠯ》 ᠪᠠ 《ᠬᠠᠨ ᠴᠡᠩᠭᠡᠯ》 ᠭᠡᠮᠡᠭᠦ ᠠᠷᠠᠤᠨ ᠤᠨ ᠠᠮᠠᠨ ᠰᠤᠶᠤᠯ ᠤᠨ ᠣᠭᠢ᠂ ᠠᠮᠠᠨ ᠢᠷᠠᠭᠤ ᠨᠠᠢ᠌ᠷᠠᠭ ᠤᠨ ᠰᠤᠳᠤ ᠪᠣᠯᠤᠭᠰᠠᠨ ᠬᠤᠤᠰ ᠪᠦᠳᠦᠭᠡᠯ ᠪᠣᠢ᠃ 《ᠪᠠᠶᠠᠨ ᠰᠦᠩ ᠤᠨ ᠢᠷᠦᠭᠡᠯ》 ᠨᠢ ᠭᠡᠳᠥᠢᠪᠠᠷ ᠴᠤᠯᠤ ᠢᠷᠦᠭᠡᠯ ᠮᠠᠭᠳᠠᠭᠠᠯ ᠤᠨ ᠰᠢᠠᠵᠢ ᠲᠡᠶ ᠪᠣᠯᠪᠠᠴᠤ ᠮᠦᠨ ᠵᠤᠭᠢᠬᠤ ᠣᠶᠠᠩᠭ᠋ᠠᠯᠢᠭ ᠪᠠᠶᠠᠨ ᠰᠠᠨᠠᠭ᠎ᠠ ᠭᠢᠭᠡᠳ ᠰᠢᠯᠦᠭᠯᠢᠭ᠌ ᠮᠦᠷ ᠪᠠᠳᠠᠭ ᠨᠠᠪᠴᠢᠨ ᠰᠢᠩᠭᠡᠭ᠍ᠰᠡᠨ ᠪᠠᠢ᠌ᠳᠠᠭ᠃ ᠢᠷᠦᠭᠡᠯ ᠳᠤ 《ᠣᠭᠳᠠᠷᠭᠤᠢ ᠶᠢᠨ ᠨᠠᠷᠠᠨ ᠰᠠᠷᠠᠨ ᠤ / ᠭᠡᠷᠡᠯ ᠨᠢ ᠬᠤᠯᠪᠣᠭ᠎ᠠ ᠲᠡᠶ ᠪᠠᠢ᠌ᠳᠠᠭ / ᠣᠢ ᠰᠢᠭᠤᠢ ᠮᠤᠳᠤᠨ ᠤ / ᠦᠨᠳᠦᠰᠦ ᠨᠢ ᠬᠤᠯᠪᠣᠭ᠎ᠠ ᠲᠡᠶ ᠪᠠᠢ᠌ᠳᠠᠭ》 ᠭᠡᠳ ᠭᠠᠷᠳᠠᠭ᠃ ᠳᠤᠯᠤᠭᠠᠢ ᠰᠡᠭᠦᠯ ᠤᠨ ᠬᠤᠯᠪᠣᠯᠳᠠ᠂ ᠭᠡᠯᠪᠠᠷᠢ ᠪᠦᠳᠦᠴᠡ᠂ ᠠᠢ᠌ᠵᠠᠮ ᠴᠤᠭᠢᠯᠭ᠎ᠠ ᠨᠢ ᠪᠦᠷ ᠣᠯᠠᠮᠵᠢᠯᠠᠯᠳᠤ ᠮᠤᠩᠭ᠋ᠤᠯ ᠰᠢᠯᠦᠭ᠌ ᠤᠨ ᠥᠩᠭᠡ ᠪᠣᠳᠤᠭ᠂ ᠦᠨᠦᠷ ᠠᠮᠳᠠ ᠪᠠᠷ ᠪᠢᠯᠬᠠᠮ᠎ᠠ᠃ ᠣᠷᠴᠢᠯᠠᠩ ᠳᠡᠯᠡᠭᠡᠢ᠂ ᠣᠳᠤᠨ ᠭᠠᠷᠠᠭ᠂ ᠣᠷᠭᠤᠮᠠᠯ ᠪᠣᠳᠠᠰ ᠤᠨ ᠳᠠᠯᠳᠠ ᠶᠢᠨ ᠬᠤᠯᠪᠣᠭ᠎ᠠ ᠶᠢ ᠪᠢᠯᠢᠭ᠌ ᠤᠨ ᠨᠢᠳᠤ ᠪᠠᠷ ᠨᠠᠪᠳᠠ ᠰᠢᠠᠵᠢᠵᠤ᠂ ᠪᠦᠭᠦᠢᠯᠡ ᠴᠤᠭᠴᠠ ᠪᠣᠯᠭᠠᠨ ᠬᠤᠯᠪᠤᠨ ᠴᠢᠳᠠᠭᠰᠠᠨ ᠨᠢ ᠶᠠᠭᠤᠳᠠᠢ ᠭᠠᠢ᠌ᠬᠠᠮᠰᠢᠭ᠃ ᠡᠭᠦᠨ ᠡᠴᠡ ᠥᠵᠡᠭᠦ ᠳᠤ ᠮᠤᠩᠭ᠋ᠤᠯᠴᠤᠳ ᠤᠨ ᠠᠮᠠᠨ ᠰᠤᠶᠤᠯ ᠨᠢ ᠪᠢᠴᠢᠭ᠌ ᠤᠨ ᠰᠤᠶᠤᠯ ᠡᠴᠡ ᠪᠠᠨ ᠡᠮᠤᠨ᠎ᠡ ᠭᠢᠷᠢ ᠵᠡᠷᠭᠡ ᠭᠦᠭ᠍ᠵᠢᠯ ᠲᠡᠶ ᠪᠠᠢ᠌ᠭᠰᠠᠨ ᠭᠡᠳᠡᠭ᠌ ᠢ ᠮᠠᠳᠠᠵᠤ ᠪᠣᠯᠤᠨ᠎ᠠ᠃ ᠭᠡᠯᠡ ᠨᠠᠢ᠌ᠷᠠᠭᠤᠯᠭ᠎ᠠ᠂ ᠨᠠᠷᠢᠨ ᠳᠦᠷᠰᠤᠯᠠᠯ᠂ ᠣᠷᠠᠨ ᠳᠠᠭᠠᠮᠠᠭᠯᠠᠯ ᠶᠢᠡᠷ ᠶᠢᠡᠨ ᠣᠯᠠᠨ ᠳᠤ ᠮᠡᠳᠡᠷᠡᠭ᠍ᠳᠡᠨ ᠭᠠᠢ᠌ᠬᠠᠭᠳᠠᠭᠰᠠᠨ 《ᠬᠠᠨ ᠴᠡᠩᠭᠡᠯ》᠊ᠤᠨ ᠳᠤᠤᠯᠢ ᠪᠣᠯ ᠳᠠᠷᠠ ᠴᠢᠭ᠌ ᠶᠢᠡᠷ ᠶᠢᠡᠨ ᠠᠮᠠᠨ ᠨᠠᠢ᠌ᠷᠠᠭᠯᠠᠯ ᠮᠦᠨ᠃ ᠳᠤᠤᠯᠢ ᠳᠤ ᠭᠠᠷᠴᠤ ᠪᠠᠢ᠌ᠭ᠎ᠠ ᠵᠠᠷᠢᠮ ᠨᠢᠭᠡᠨ ᠥᠭᠡ ᠶᠢᠨ ᠰᠢᠷᠭᠠᠭᠠᠯᠳᠠ᠂ ᠤᠳᠬ᠎ᠠ ᠶᠢᠨ ᠠᠭᠰᠢᠭᠠᠯᠳᠠ ᠶᠢ ᠦᠨᠦᠳᠤᠷ ᠤᠨ ᠮᠠᠨᠠᠢ᠌ᠭᠢᠨ ᠤ ᠰᠢᠯᠦᠭ᠍ᠴᠢᠳ ᠴᠤ ᠪᠠᠶᠡᠯᠡᠭᠦᠯᠭᠦ ᠳᠤ ᠭᠦᠴᠢᠷᠳᠡᠨ᠎ᠡ᠃ 《ᠮᠢᠩᠭ᠋ᠠᠨ ᠭᠦᠮᠤᠨ ᠤ ᠰᠦᠷ ᠢ ᠳᠠᠷᠤᠳᠠᠭ / ᠮᠢᠬᠠᠨ ᠣᠯᠠᠭᠠᠨ ᠴᠢᠷᠠᠢ ᠨᠢ ᠭᠠᠷᠤᠭᠠᠤᠨ/ ᠲᠦᠮᠡᠨ ᠭᠦᠮᠤᠨ ᠤ ᠰᠦᠷ ᠢ ᠳᠠᠷᠤᠳᠠᠭ / ᠳᠦᠭᠦᠭᠡᠢ ᠣᠯᠠᠭᠠᠨ ᠴᠢᠷᠠᠢ ᠨᠢ ᠭᠠᠷᠤᠭᠠᠤᠨ》 ᠭᠡᠮᠡᠨ ᠪᠠᠭᠠᠳᠤᠷ ᠡᠷ᠎ᠡ ᠶᠢᠨ ᠣᠮᠤᠭ ᠰᠦᠷ᠂ ᠴᠤᠭ ᠵᠠᠯᠢ ᠶᠢ ᠪᠣᠷᠤᠭᠵᠢᠭᠤᠨ ᠡᠩ ᠤᠨ ᠭᠡᠯᠡ ᠪᠠᠷ ᠰᠢᠭᠤᠳ ᠳᠦᠷᠰᠤᠯᠠᠨ ᠥᠵᠡᠭᠦᠯᠦᠭᠡᠳ ᠣᠳᠠᠭᠠᠨ ᠬᠤᠭᠤᠴᠠᠭ᠎ᠠ ᠡᠵᠡᠭᠦᠢ ᠬᠠᠶᠠᠭᠳᠠᠭᠰᠠᠨ ᠨᠤᠳᠤᠭ ᠪᠠᠯᠴᠢᠭᠡᠷ᠂ ᠡᠪᠠᠰᠤ ᠣᠷᠭᠤᠮᠠᠯ ᠤᠨ ᠪᠠᠢ᠌ᠳᠠᠯ ᠢ 《ᠨᠠᠮᠤᠷ ᠤᠨ ᠶᠢᠡᠨ ᠨᠠᠮᠤᠷᠵᠢᠩ ᠳᠠᠭᠠᠨ ᠢᠷᠠᠪᠠ / ᠨᠠᠷᠢᠨ ᠡᠪᠠᠰᠤᠨ ᠳᠦᠷᠦᠭᠡ ᠰᠢᠭᠦᠷᠡᠵᠤ ᠪᠠᠢ᠌ᠪᠠ / ᠵᠤᠨ ᠤ ᠪᠠᠨ ᠵᠤᠰᠠᠯᠠᠩ ᠳᠠᠭᠠᠨ ᠢᠷᠠᠪᠠ / ᠵᠥᠯᠭᠡ ᠡᠪᠠᠰᠤᠨ ᠳᠦᠷᠦᠭᠡ ᠰᠢᠭᠦᠷᠡᠵᠤ ᠪᠠᠢ᠌ᠪᠠ》 ᠭᠡᠵᠤ ᠰᠢᠷᠭᠠᠭᠠᠮᠠᠯ ᠴᠡᠪᠠᠷᠭᠡᠨ ᠭᠦᠦᠷᠨᠢᠯ ᠤᠨ ᠠᠷᠭ᠎ᠠ ᠶᠢ ᠭᠡᠷᠡᠭᠯᠡᠨ ᠦᠵᠡᠮᠵᠢ ᠶᠢᠨ ᠳᠤᠳᠤᠷ᠎ᠠ ᠰᠡᠳᠬᠢᠯᠭᠡ ᠪᠠᠨ ᠡᠪᠳᠡᠢ᠌ᠭᠡᠨ ᠠᠭᠤᠰᠬᠠᠨ ᠰᠢᠯᠦᠭᠯᠡᠵᠡᠢ᠃ ᠡᠩ ᠤᠨ ᠥᠭᠡ ᠪᠠᠷ ᠡᠩ ᠤᠨ ᠪᠣᠰᠤ ᠰᠠᠨᠠᠭ᠎ᠠ ᠶᠢ ᠭᠠᠷᠭᠠᠵᠤ ᠴᠢᠳᠠᠳᠠᠭ ᠤᠨ ᠠᠮᠢᠳᠤ ᠵᠢᠱᠢᠶ᠎ᠠ ᠶᠢ ᠡ᠊ᠨᠳᠡ ᠥᠵᠡᠭᠦᠯᠦᠭᠡᠳ ᠦᠭᠭᠦᠭ᠍ᠰᠡᠨ ᠪᠠᠢ᠌ᠨ᠎ᠠ᠃
《ᠳᠠᠷᠤᠭᠤᠯᠵᠤ ᠭᠦᠷᠦᠭ᠍ᠰᠡᠨ ᠭᠡᠵᠢᠭᠡᠨ ᠴᠢᠨᠢ / ᠳᠠᠯᠤ ᠶᠢᠨ ᠳᠤᠮᠳᠠ ᠪᠠᠨ ᠨᠠᠢ᠌ᠬᠤᠯᠵᠠᠭᠠᠤᠨ / ᠳᠠᠪᠬᠤᠷ ᠴᠤᠬᠤᠷ ᠨᠢᠳᠤ ᠪᠠᠷ ᠵᠢᠠᠨ/ᠲ᠋ᠠᠩᠳᠠ ᠪᠠᠨ ᠨᠠᠮ᠎ᠠ ᠶᠢ ᠰᠢᠷᠳᠡᠭᠦ ᠰᠢᠭ᠌》 ᠭᠡᠳ ᠳᠡᠭᠡᠳᠤ ᠮᠤᠩᠭ᠋ᠤᠯ ᠤᠨ ᠢᠨᠠᠭ ᠤᠨ ᠳᠠᠭᠤᠤ ᠳᠤ ᠳᠠᠭᠤᠯᠠᠳᠠᠭ᠃ ᠥᠭᠡ ᠭᠡᠯᠡ ᠪᠠᠷ ᠢᠯᠡᠳᠭᠡᠵᠤ ᠦᠯᠦ ᠴᠢᠳᠠᠬᠤ ᠬᠠᠢ᠌ᠷ᠎ᠠ ᠶᠢᠨ ᠰᠢᠪᠠᠨᠡᠭᠡ᠂ ᠰᠡᠳᠭᠢᠯ ᠤᠨ ᠨᠢᠭᠤᠴᠠ ᠶᠢ ᠢᠩᠭᠢᠵᠤ ᠬᠠᠷᠠᠴᠠ ᠪᠠᠷ ᠨᠢ ᠭᠡᠯᠡᠭᠦᠯᠵᠤ ᠴᠢᠳᠠᠳᠠᠭ ᠡᠷᠳᠡᠮ ᠭᠦᠮᠤᠨ ᠪᠣᠯᠭᠠᠨ ᠳᠤ ᠵᠠᠶᠠᠭᠠᠳᠠᠭ ᠦᠭᠡᠶ ᠪᠠᠢ᠌ᠬ᠎ᠠ᠃ ᠴᠠᠭ ᠢ ᠠᠮᠵᠢᠨ ᠳᠠᠷᠠ ᠪᠦᠭᠦᠨ ᠢ ᠴᠤᠭᠯᠠᠭᠤᠯᠵᠤ ᠡᠮᠭᠢᠳᠭᠡᠵᠤ ᠴᠢᠳᠠᠭᠰᠠᠨ ᠦᠭᠡᠶ ᠭᠡᠭᠦ ᠡᠴᠡ ᠪᠢᠰᠢ ᠡᠢ᠌ᠮᠦᠷᠭᠦ ᠠᠮᠠᠨ ᠢᠷᠠᠭᠤ ᠨᠠᠢ᠌ᠷᠠᠭ᠂ ᠪᠠᠯᠠᠨ ᠰᠢᠯᠦᠭ᠌ ᠳᠡᠭᠡᠳᠤ ᠮᠤᠩᠭ᠋ᠤᠯ ᠤᠨ ᠠᠷᠠᠤᠨ ᠤᠨ ᠳᠤᠮᠳᠠ ᠴᠤᠬᠤᠮ ᠭᠢᠷᠢ ᠵᠡᠷᠭᠡ ᠳᠡᠯᠭᠡᠷᠡᠨ ᠳᠠᠷᠬᠠᠵᠤ ᠪᠠᠢ᠌ᠭᠰᠠᠨ ᠢ ᠦᠨᠦᠳᠤᠷ ᠳᠦᠰᠦᠭᠡᠯᠡᠭᠦᠶᠡ ᠪᠠᠷᠭᠡ᠃ ᠡᠭᠦᠨ ᠡᠴᠡ ᠭᠠᠳᠠᠨ᠎ᠠ ᠵᠣᠢ᠌ᠷ ᠰᠠᠴᠠᠨ ᠥᠭᠡ᠂ ᠳᠤᠮ ᠰᠢᠪᠰᠢᠯᠭᠡ ᠶᠢᠨ ᠥᠭᠡ᠂ ᠣᠨᠢᠰᠤᠭ᠎ᠠ ᠳᠠᠭᠠᠯᠠᠭᠠ᠂ ᠶᠢᠷᠳᠢᠠᠴᠤ ᠶᠢᠨ ᠭᠤᠷᠪᠠ ᠮᠠᠳᠤ ᠶᠢᠨ ᠵᠣᠢ᠌ᠯᠠᠰ ᠴᠤ ᠳᠡᠭᠡᠳᠤ ᠮᠤᠩᠭ᠋ᠤᠯ ᠳᠤ ᠦᠷᠭᠡᠨ ᠵᠤᠬᠢᠶᠠᠭᠳᠠᠨ ᠳᠡᠯᠭᠡᠷᠡᠵᠤ ᠪᠠᠢ᠌ᠭᠰᠠᠨ ᠮᠦᠷᠳᠡᠭᠡᠨ ᠶᠠᠮᠠᠷᠴᠤ ᠭᠡᠯᠡᠨ ᠤ ᠪᠣᠭᠢᠷᠳᠤᠯ᠂ ᠰᠤᠶᠤᠯ ᠤᠨ ᠬᠠᠮᠠᠭᠤᠷᠠᠯ ᠳᠤ ᠨᠥᠯᠦᠭᠡᠯᠡᠭ᠍ᠳᠡᠭᠡ ᠦᠭᠡᠶ ᠴᠠᠪᠠᠷ ᠶᠠᠩᠵᠤ ᠪᠠᠷ ᠶᠢᠡᠨ ᠣᠯᠠᠮᠵᠢᠯᠠᠭᠳᠠᠨ ᠢᠷᠡᠭ᠍ᠰᠡᠨ ᠨᠢ ᠦᠨᠦᠳᠤᠷ ᠤᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠢ ᠪᠣᠢ ᠪᠣᠯᠭᠠᠨ ᠪᠦᠷᠢᠯᠳᠦᠭᠦᠯᠭᠦ ᠳᠤ ᠪᠠᠶᠠᠨ ᠳᠠᠩᠰᠤᠭ ᠰᠤᠶᠤᠯ ᠤᠨ ᠭᠦᠷᠦᠰᠤ ᠰᠢᠷᠤᠢ ᠬᠠᠩᠭ᠋ᠠᠭᠰᠠᠨ ᠨᠢ ᠳᠠᠮᠵᠢᠭ ᠦᠭᠡᠶ᠃
ᠦᠨᠦᠳᠤᠷ ᠳᠡᠭᠡᠳᠤ ᠮᠤᠩᠭ᠋ᠤᠯ ᠳᠤ ᠵᠥᠪᠭᠡᠨ ᠰᠢᠯᠦᠭ᠌ ᠣᠷᠤᠯᠳᠤᠵᠤ ᠪᠠᠢ᠌ᠭ᠎ᠠ ᠠᠬᠠᠮᠠᠤᠨ᠂ ᠢᠳᠠᠷ᠂ ᠵᠠᠯᠠᠭᠤ ᠭᠦᠮᠦᠰ ᠵᠠᠭᠤ ᠣᠷᠴᠢᠮ ᠪᠣᠢ᠃ ᠰᠢᠯᠦᠭ᠌ ᠤᠨ ᠨᠤᠮ ᠶᠢᠡᠨ ᠨᠢᠭᠡᠨᠲᠡ ᠭᠡᠪᠯᠡᠭᠦᠯᠦᠭ᠍ᠰᠡᠨ ᠪᠣᠶᠤ ᠭᠡᠪᠯᠡᠭᠦᠯᠭᠦ ᠪᠣᠯᠤᠭᠰᠠᠨ᠂ ᠪᠠᠰᠠ ᠨᠡᠢ᠌ᠭᠡᠮ ᠳᠡᠭᠡᠷ᠎ᠡ ᠵᠤᠭᠢᠬᠤ ᠨᠥᠯᠦᠭᠡ ᠳᠤᠰᠬᠠᠯ ᠭᠠᠷᠭᠠᠭᠰᠠᠨ ᠰᠢᠯᠦᠭ᠍ᠴᠢᠳ ᠴᠤ ᠭᠤᠴᠢᠭᠠᠤᠨ ᠪᠠᠢ᠌ᠨ᠎ᠠ᠃ ᠭᠦᠮᠤᠨ ᠠᠮᠠ ᠶᠢᠨ ᠬᠠᠷᠢᠴᠠᠯ ᠡᠴᠡ ᠠᠪᠴᠤ ᠥᠵᠡᠭᠦ ᠳᠤ ᠡᠨᠡ ᠳᠤᠭ᠎ᠠ ᠪᠠᠭ᠎ᠠ ᠳᠤᠭ᠎ᠠ ᠪᠢᠰᠢ᠃ ᠡᠷᠳᠡᠮᠳᠡᠳ ᠡᠴᠡ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠢ ᠨᠠᠢ᠌ᠳᠠ ᠮᠤᠩᠭ᠋ᠤᠯ ᠤᠨ ᠢᠷᠠᠭᠤ ᠨᠠᠢ᠌ᠷᠠᠭ ᠤᠨ ᠳᠤᠳᠠᠭᠳᠠᠵᠤ ᠪᠣᠯᠤᠰᠢ ᠦᠭᠡᠶ ᠴᠢᠬᠤᠯᠠ ᠪᠦᠷᠢᠯᠳᠦᠭᠦᠨ ᠭᠡᠮᠡᠨ ᠦᠵᠡᠵᠤ᠂ ᠨᠢᠭᠡᠨᠲᠡ ᠦᠪᠡᠷ ᠤᠨ ᠭᠡᠰᠡᠨ ᠣᠷᠤᠨ ᠪᠠᠢ᠌ᠷᠢ ᠪᠠᠨ ᠣᠯᠤᠯ᠎ᠠ ᠭᠡᠮᠡᠨ ᠦᠨᠡᠯᠠᠯᠠ᠃ ᠳᠡᠭᠡᠳᠤ ᠮᠤᠩᠭ᠋ᠤᠯ ᠤᠨ ᠪᠢᠴᠢᠭ᠌ ᠤᠨ ᠣᠷᠠᠨ ᠵᠤᠬᠢᠶᠠᠯ ᠪᠣᠢ ᠪᠣᠯᠤᠨ ᠭᠦᠭ᠍ᠵᠢᠭᠡᠳ ᠰᠠᠶᠢ 30 ᠭᠠᠷᠣᠢ᠌ᠬᠠᠨ ᠵᠢᠯ ᠤᠨ ᠨᠢᠭᠤᠷ ᠦᠵᠡᠵᠤ ᠪᠣᠢ᠃ ᠭᠡᠳᠡᠯ᠎ᠡ ᠡᠢ᠌ᠮᠤ ᠣᠬᠤᠷᠬᠠᠨ ᠬᠤᠭᠤᠴᠠᠭᠠᠨ ᠳᠤᠳᠤᠷ᠎ᠠ 《ᠳᠡᠭᠡᠳᠤ ᠮᠤᠩᠭ᠋ᠤᠯ ᠢᠷᠠᠭᠤ ᠨᠠᠢ᠌ᠷᠠᠭ》 ᠮᠠᠰᠢ ᠳᠦᠷᠭᠡᠨ ᠭᠦᠭ᠍ᠵᠢᠨ ᠪᠣᠵᠠᠭᠠᠢ᠌ᠷᠠᠵᠤ ᠣᠷᠤᠨ ᠨᠤᠳᠤᠭ ᠤᠨ ᠥᠩᠭᠡ ᠪᠣᠳᠤᠭ᠂ ᠦᠨᠦᠷ ᠠᠮᠳᠠ᠂ ᠣᠠᠴᠠᠯᠢᠭ ᠶᠢᠡᠷ ᠶᠢᠡᠨ ᠢᠯᠭᠠᠷᠠᠨ ᠦᠪᠡᠷ ᠤᠨ ᠭᠡᠰᠡᠨ ᠣᠷᠤᠨ ᠪᠠᠢ᠌ᠷᠢ ᠪᠠᠨ ᠣᠯᠬᠤ ᠭᠡᠳᠡᠭ᠌ ᠠᠮᠠᠷ ᠦᠭᠡᠶ᠃ ᠡᠭᠦᠨ ᠤ ᠭᠤᠤᠯ ᠨᠢᠭᠤᠴᠠ ᠨᠢ ᠳᠡᠭᠦᠨ ᠤ ᠰᠤᠶᠤᠯ ᠤᠨ ᠭᠦᠷᠦᠰᠤ ᠰᠢᠷᠤᠢ ᠦᠩ ᠵᠤᠵᠠᠭᠠᠨ ᠪᠠᠢ᠌ᠭᠰᠠᠨ ᠳᠤ ᠪᠠᠢ᠌ᠨ᠎ᠠ᠃ ᠡᠨᠡᠭᠦ ᠰᠤᠶᠤᠯ ᠤᠨ ᠭᠦᠷᠦᠰᠤ ᠰᠢᠷᠤᠢ ᠶᠢ ᠰᠡᠳᠭᠢᠯ ᠣᠶᠤᠨ ᠳᠤ ᠪᠠᠨ ᠠᠴᠢᠶᠠᠯᠠᠵᠤ ᠢᠷᠡᠭ᠍ᠰᠡᠨ ᠣᠬᠠᠭᠠᠠᠳᠤ ᠪᠣᠭᠤᠷᠤᠯ ᠤᠳ ᠤᠨ ᠠᠪᠢᠶᠠᠰ ᠪᠢᠯᠢᠭ᠌ ᠲᠤ ᠪᠠᠢ᠌ᠨ᠎ᠠ᠃ ᠳᠠᠳᠠᠨ ᠤ ᠠᠪᠢᠶᠠᠰ ᠪᠢᠯᠢᠭ᠌᠂ ᠰᠤᠶᠤᠯ ᠤᠨ ᠵᠤᠷᠢᠭ ᠰᠠᠨᠠᠭ᠎ᠠ ᠶᠢ ᠭᠠᠵᠠᠷᠳᠠᠭᠤᠯᠤᠯ ᠦᠭᠡᠶ ᠵᠠᠯᠭᠠᠮᠵᠢᠯᠠᠨ ᠠᠪᠴᠤ ᠴᠢᠨᠠᠭᠰᠢ ᠣᠯᠠᠮᠵᠢᠯᠠᠨ ᠭᠦᠭ᠍ᠵᠢᠭᠦᠯᠭᠦ ᠪᠠᠷ ᠪᠢᠯᠢᠭ᠌ ᠤᠨ ᠭᠡᠳᠡ ᠪᠠᠨ ᠴᠠᠭᠢᠭᠰᠠᠨ ᠦᠷ᠎ᠡ ᠬᠣᠢ᠌ᠴᠢᠰ ᠤᠨ ᠣᠷ᠎ᠠ ᠡᠷᠳᠡᠮ ᠳᠤ ᠪᠠᠢ᠌ᠨ᠎ᠠ᠃
ᠲ᠋ᠤᠤᠷ᠎ᠠ ᠪᠢ ᠠᠳᠠᠯᠢ ᠪᠣᠰᠤ ᠴᠠᠭ ᠦᠶ᠎ᠡ ᠳᠤ ᠪᠢᠴᠢᠭ᠍ᠳᠡᠭ᠍ᠰᠡᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠢ ᠱᠥᠭᠦᠨ ᠣᠩᠰᠢᠭᠰᠠᠨ ᠦᠪᠡᠷ ᠤᠨ ᠳᠦᠷᠦᠭ᠍ᠳᠡᠯ ᠶᠢᠡᠨ ᠴᠢᠯᠦᠭᠡᠳᠡᠢ ᠳᠡᠯᠭᠡᠯ᠎ᠡ᠃
ᠬᠤᠶᠠᠷ᠄ ᠠᠩᠬᠠᠨ ᠤ ᠦᠶ᠎ᠡ ᠶᠢᠨ ᠢᠷᠠᠭᠤ ᠨᠠᠢ᠌ᠷᠠᠭ
ᠲ᠋ᠡᠭᠡᠷ᠎ᠡ ᠵᠠᠭᠤᠨ ᠤ ᠨᠠᠶᠠᠭᠠᠤᠨ ᠣᠨ ᠤ ᠡᠭᠢᠨ ᠶᠢᠡᠷ ᠳᠡᠭᠡᠳᠤ ᠮᠤᠩᠭ᠋ᠤᠯ ᠤᠨ 《ᠴᠡᠴᠡᠭ᠍ᠳᠤ ᠴᠠᠢ᠌ᠳᠠᠮ》 ᠰᠡᠳᠭᠦᠯ ᠮᠠᠠᠳᠤᠯᠠᠵᠤ᠂ ᠪᠢᠴᠢᠭ᠌ ᠤᠨ ᠣᠷᠠᠨ ᠵᠤᠬᠢᠶᠠᠯ ᠠᠩᠬ᠎ᠠ ᠡᠭᠢᠯᠡᠨ ᠪᠣᠢ ᠪᠣᠯᠬᠤ ᠳᠤ ᠦᠵᠡᠮᠵᠢ᠂ ᠬᠠᠢ᠌ᠷ᠎ᠠ᠂ ᠰᠡᠳᠬᠢᠯᠭᠡ ᠭᠤᠷᠮᠤᠰᠤᠯᠠᠨ ᠡᠷᠴᠢᠯᠡᠭ᠍ᠳᠡᠭ᠍ᠰᠡᠨ ᠣᠰᠤᠨ ᠵᠢᠷᠤᠭ᠎ᠠ ᠰᠢᠯᠦᠭ᠌ ᠶᠢᠡᠷ ᠶᠢᠡᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠳᠤᠷᠭᠠᠨ ᠭᠦᠰᠢᠭᠡ ᠶᠢ ᠢᠷᠠᠭᠰᠠᠨ ᠭᠦᠮᠦᠰ ᠪᠣᠯ ᠴᠢ᠊·ᠪᠦᠷᠢᠡᠪᠠᠶᠡᠷ᠂ ᠰᠡᠷᠡᠡᠭᠡᠷᠡᠯ᠂ ᠳᠤᠭ᠂ 「ᠴᠣᠢ᠌ᠰᠦ᠋ᠷᠤᠩ」᠂ ᠴᠡᠪᠰᠢᠭ᠌᠂ ᠬᠦ᠊·ᠴᠠᠷᠠᠩᠪᠠᠯ᠂ ᠭᠦᠭᠡ᠂ ᠭᠦᠭᠡᠪᠠᠷᠰ᠂ ᠺᠠᠮᠳᠠᠷ᠂ 「ᠵᠠᠩᠮᠠᠷ」᠂ ᠶᠤ᠋·ᠮᠥᠩᠭᠡᠪᠠᠭᠠᠳᠤᠷ᠂ ᠣ·ᠴᠠᠷᠠᠠᠳᠤᠠᠳᠤᠪ᠂ ᠠ᠊·ᠶᠤᠠᠵᠢ᠂ ᠯᠢᠮᠪᠣᠵᠠ᠂ ᠪ᠊·ᠴᠡᠭᠠᠭᠦ᠋ᠤ᠂ ᠪᠠᠶᠠᠰᠬᠠᠯ᠂ ᠴᠦᠩᠺᠠᠷᠵᠠ ᠨᠡᠷ ᠪᠣᠯᠤᠨ᠎ᠠ᠃ ᠡᠭᠦᠨ ᠡᠴᠡ ᠡᠮᠤᠨ᠎ᠡ ᠴᠥᠭᠡᠨ ᠭᠡᠳᠤᠨ ᠭᠦᠮᠤᠨ ᠰᠢᠯᠦᠭ᠌ ᠵᠤᠬᠢᠶᠠᠯ ᠶᠢᠡᠨ 《ᠦᠨᠢᠷ ᠴᠡᠴᠡᠭ᠌》 ᠵᠡᠷᠭᠡ ᠮᠤᠵᠢ ᠶᠢᠨ ᠭᠠᠳᠠᠨᠠᠭᠢ ᠰᠡᠳᠭᠦᠯ ᠳᠤ ᠬᠠᠶᠠ ᠨᠢᠭᠡ ᠨᠡᠢ᠌ᠳᠡᠯᠡᠭᠦᠯᠵᠤ ᠪᠠᠢ᠌ᠭᠰᠠᠨ ᠢ ᠭᠠᠷᠭᠠᠪᠠᠯ ᠳᠡᠭᠡᠳᠤ ᠮᠤᠩᠭ᠋ᠤᠯ ᠣᠷᠠᠨ ᠵᠤᠬᠢᠶᠠᠯ ᠶᠢᠡᠨ ᠨᠠᠢ᠌ᠳᠠ ᠮᠤᠩᠭ᠋ᠤᠯᠴᠤᠳ ᠲᠤ ᠪᠠᠨ ᠣᠬᠠᠭᠠᠭᠤᠯᠤᠨ ᠳᠠᠨᠢᠭᠤᠯᠬᠤ ᠣᠬᠠᠮᠰᠠᠷᠳᠤ ᠣᠷᠤᠯᠳᠤᠯᠭ᠎ᠠ ᠶᠢ ᠭᠢᠵᠤ ᠪᠠᠢ᠌ᠭᠰᠠᠨ ᠭᠦᠮᠤᠨ ᠪᠠᠷᠤᠭ ᠦᠭᠡᠶ ᠶᠤᠮ᠃ ᠳᠡᠭᠡᠳᠤ ᠮᠤᠩᠭ᠋ᠤᠯ ᠳᠤ ᠪᠢᠴᠢᠭ᠌ ᠤᠨ ᠣᠷᠠᠨ ᠵᠤᠬᠢᠶᠠᠯ ᠤᠨ ᠰᠢᠨ᠎ᠡ ᠠᠭᠤᠷ ᠠᠮᠢᠰᠬᠤᠯ ᠢ ᠠᠪᠴᠢᠷᠠᠭᠰᠠᠨ ᠭᠦᠮᠤᠨ ᠪᠣᠯ ᠴᠢ᠊·ᠪᠦᠷᠢᠡᠪᠠᠶᠡᠷ ᠪᠠᠭᠰᠢ ᠶᠠᠭᠠᠭᠢᠬᠤ ᠠᠷᠭ᠎ᠠ ᠦᠭᠡᠶ ᠮᠦᠨ᠃ ᠴᠢ᠊·ᠪᠦᠷᠢᠡᠪᠠᠶᠡᠷ ᠪᠠᠭᠰᠢ ᠵᠢᠷᠠᠭᠠᠤᠨ ᠣᠨ ᠤ ᠳᠤᠮᠳᠠᠴᠢ ᠪᠠᠷ ᠬᠦᠬᠡᠨᠠᠭᠤᠷ ᠤᠨ ᠬᠠᠢ᠌ᠰᠢ ᠳᠤ ᠬᠤᠪᠢᠶᠠᠭᠳᠠᠨ ᠢᠷᠠᠵᠤ ᠠᠵᠢᠯᠯᠠᠨ ᠠᠮᠢᠳᠤᠷᠠᠬᠤ ᠳᠤ ᠪᠠᠨ ᠣᠬᠤᠷᠬᠠᠨ ᠭᠡᠳᠤᠨ ᠵᠢᠯ ᠤᠨ ᠬᠤᠭᠤᠷᠤᠠᠳᠤ ᠳᠡᠭᠡᠳᠤ ᠮᠤᠩᠭ᠋ᠤᠯ ᠤᠨ ᠭᠡᠯᠡ ᠰᠤᠶᠤᠯ᠂ ᠵᠠᠩ ᠳᠠᠳᠬᠠᠯ᠂ ᠠᠵᠤ ᠠᠮᠢᠳᠤᠷᠠᠯ ᠳᠤ ᠢᠳᠡᠭᠡᠰᠢᠨ ᠳᠠᠰᠴᠤ 《ᠡᠷᠳᠡᠨᠢᠳᠤ ᠬᠤᠳᠤᠭᠤᠷ》 ᠭᠡᠮᠡᠭᠦ ᠣᠤᠭᠠᠨ ᠰᠢᠯᠦᠭ᠌ ᠶᠢᠡᠨ 《ᠦᠨᠢᠷ ᠴᠡᠴᠡᠭ᠌》 ᠰᠡᠳᠭᠦᠯ ᠳᠤ ᠨᠡᠢ᠌ᠳᠡᠯᠡᠭ᠍ᠰᠡᠨ ᠡᠴᠡ ᠠᠪᠣᠭᠠᠤᠨ 《ᠳᠡᠭᠡᠳᠤ ᠮᠤᠩᠭ᠋ᠤᠯ ᠣᠷᠠᠨ ᠵᠤᠬᠢᠶᠠᠯ》 ᠊ᠤᠨ ᠳᠤᠯᠭ᠎ᠠ ᠶᠢᠨ ᠴᠢᠯᠠᠭᠤ ᠶᠢ ᠳᠠᠯᠪᠢᠵᠤ᠂ ᠣᠷᠠᠨ ᠵᠤᠬᠢᠶᠠᠯ ᠤᠨ ᠰᠢᠨ᠎ᠡ ᠭᠠᠷᠴᠤᠳ ᠢ ᠭᠦᠮᠦᠵᠢᠭᠦᠯᠤᠨ ᠳᠠᠭᠠᠭᠤᠯᠬᠤ ᠭᠦᠡᠳᠤ ᠬᠠᠳᠠᠭᠤ ᠮᠦᠷᠳᠡᠭᠡᠨ ᠠᠷᠢᠭᠤᠨ ᠣᠢ᠌ᠯᠠᠰ ᠲᠤ ᠣᠶᠤᠨ ᠣᠬᠠᠭᠠᠨ ᠶᠢᠡᠨ ᠰᠢᠪᠬᠠᠵᠤ ᠶᠠᠪᠣᠵᠠᠢ᠃ ᠴᠢ᠊·ᠪᠦᠷᠢᠡᠪᠠᠶᠡᠷ ᠪᠠᠭᠰᠢ ᠶᠢᠨ ᠰᠢᠯᠦᠭ᠌ ᠴᠠᠭ ᠦᠶ᠎ᠡ ᠶᠢᠨ ᠢᠮ ᠳᠡᠮᠳᠡᠭ᠌ ᠶᠢᠡᠷ ᠢᠯᠠ᠂ ᠣᠯᠠᠮᠵᠢᠯᠠᠯᠳᠤ ᠮᠤᠩᠭ᠋ᠤᠯ ᠰᠢᠯᠦᠭ᠌ ᠤᠨ ᠣᠳᠤᠮ ᠳᠢᠭ᠌ ᠳᠤᠳᠤ ᠪᠦᠭᠡᠳ ᠥᠡᠳᠦᠷᠯᠢᠭ᠌ ᠨᠤᠳᠤᠭ ᠤᠨ ᠦᠵᠡᠮᠵᠢ ᠪᠣᠳᠤᠭ ᠢ ᠣᠷᠠᠨ ᠳᠦᠷᠰᠦᠯᠢᠭ᠌ ᠥᠵᠡᠭᠦᠯᠵᠤ᠂ ᠳᠡᠭᠡᠳᠤ ᠮᠤᠩᠭ᠋ᠤᠯ ᠤᠨ ᠨᠤᠳᠤᠭ ᠤᠨ ᠶᠠᠷᠢᠶᠠᠨ ᠤ ᠭᠡᠯᠡ ᠶᠢ ᠣᠬᠠᠮᠰᠠᠷ ᠲᠡᠶ ᠵᠠᠷᠤᠳᠠᠭ ᠶᠢᠡᠷ ᠶᠢᠡᠨ ᠣᠠᠴᠠᠯᠢᠭᠳᠠᠨ᠎ᠠ᠃ ᠣᠯᠠᠮᠵᠢᠯᠠᠯᠳᠤ ᠮᠤᠩᠭ᠋ᠤᠯ ᠰᠢᠯᠦᠭ᠌ ᠤᠨ ᠣᠳᠤᠮ ᠳᠢᠭ᠌ ᠢ ᠳᠠᠭᠤᠷᠢᠶᠠᠵᠤ᠂ ᠦᠵᠡᠮᠵᠢ ᠳᠤ ᠪᠠᠨ ᠬᠠᠢ᠌ᠷ᠎ᠠ ᠰᠡᠳᠬᠢᠯᠭᠡ ᠪᠠᠨ ᠠᠭᠤᠰᠬᠠᠨ ᠳᠡᠭᠡᠷ᠎ᠡ ᠨᠢ ᠣᠮᠤᠭᠰᠢᠨ ᠪᠠᠬᠠᠳᠤᠭᠰᠠᠨ ᠰᠡᠳᠭᠢᠯ ᠤᠨ ᠪᠣᠳᠤᠭ ᠳᠠᠭᠠᠷᠠᠭᠤᠯᠬᠤ ᠪᠣᠯ ᠠᠩᠬᠠᠨ ᠤ ᠦᠶ᠎ᠡ ᠶᠢᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠨᠠᠢ᠌ᠳᠠᠮ ᠣᠠᠴᠠᠯᠢᠭ ᠶᠤᠮ᠃ ᠴᠠᠭ ᠦᠶ᠎ᠡ᠂ ᠨᠡᠢ᠌ᠭᠡᠮ ᠠᠬᠤᠢ᠂ ᠪᠠᠢ᠌ᠭᠠᠯᠢ ᠣᠷᠴᠢᠨ ᠨᠢ ᠳᠠᠳᠠᠨ ᠳᠤ ᠶᠠᠭᠤ ᠨᠢᠭᠡ ᠶᠢᠨ ᠲᠦᠯᠦᠭᠡ ᠵᠤᠪᠠᠨᠢᠬᠤ᠂ ᠪᠣᠭᠢᠨᠢᠳᠤᠬᠤ᠂ ᠰᠠᠨᠠᠭᠠᠰᠢᠷᠠᠬᠤ᠂ ᠡᠮᠵᠡᠭᠯᠡᠭᠦ ᠰᠡᠳᠬᠢᠯᠭᠡ ᠶᠢ ᠳᠠᠮᠠᠢ ᠳᠦᠷᠦᠭᠦᠯᠳᠡᠭ᠌ ᠦᠭᠡᠶ ᠪᠠᠢ᠌ᠭᠰᠠᠨ ᠪᠣᠯᠤᠭᠠᠤᠨ ᠳᠠᠷᠠ ᠪᠢᠯᠠ ᠦᠦ᠂ ᠰᠢᠯᠦᠭ᠌ ᠨᠠᠢ᠌ᠷᠠᠭ ᠲᠤ ᠨᠢ ᠭᠤᠨᠢᠭ ᠤᠨ ᠠᠶᠠᠰ᠂ ᠭᠤᠳᠤᠷᠠᠯ ᠤᠨ ᠥᠩᠭᠡ ᠪᠠᠷᠤᠭ ᠬᠠᠷᠠᠭᠳᠠᠬᠤ ᠦᠭᠡᠶ᠃ ᠬᠠᠷᠢᠨ ᠵᠣᠢ᠌ᠷᠯᠠᠯ ᠳᠦᠷᠰᠤᠯᠠᠯ᠂ ᠠᠳᠠᠯᠢᠳᠬᠠᠯ ᠬᠠᠷᠢᠴᠠᠭᠤᠯᠤᠯ᠂ ᠪᠠᠯᠭᠡᠳᠡᠯ ᠤᠨ ᠠᠷᠭ᠎ᠠ ᠶᠢ ᠴᠢᠳᠠᠮᠠᠭ ᠭᠡᠷᠡᠭᠯᠡᠨ ᠨᠤᠳᠤᠭ ᠣᠰᠤ᠂ ᠰᠠᠢ᠌ᠨ ᠰᠠᠢ᠌ᠬᠠᠨ ᠠᠮᠢᠳᠤᠷᠠᠯ ᠶᠢᠡᠨ ᠪᠠᠬᠠᠳᠤᠨ ᠮᠠᠭᠳᠠᠬᠤ᠂ ᠨᠡᠢ᠌ᠭᠡᠮ ᠤᠨ ᠭᠦᠭ᠍ᠵᠢᠯ ᠬᠤᠪᠢᠷᠠᠯ ᠳᠤ ᠪᠠᠶᠠᠰᠤᠨ ᠣᠮᠤᠭᠰᠢᠬᠤ᠂ ᠠᠪᠣ ᠡᠵᠢ ᠶᠢᠨ ᠠᠴᠢ ᠬᠠᠢ᠌ᠷ᠎ᠠ ᠶᠢ ᠳᠤᠷᠠᠰᠤᠨ ᠰᠠᠨᠠᠭᠠᠯᠵᠠᠬᠤ᠂ ᠵᠠᠯᠠᠭᠤ ᠨᠠᠰᠤ ᠭᠢᠭᠡᠳ ᠬᠠᠢ᠌ᠷ᠎ᠠ ᠳᠤᠷᠠᠯᠠᠯ ᠶᠢᠡᠨ ᠣᠶᠠᠩᠭ᠋ᠠᠯᠠᠨ ᠰᠢᠯᠦᠭᠯᠡᠭᠦ ᠨᠢ ᠪᠦᠭᠦᠢᠯᠡ ᠢᠷᠠᠭᠤ ᠨᠠᠢ᠌ᠷᠠᠭ ᠤᠨ ᠭᠢᠨᠢ ᠭᠤᠤᠯ ᠰᠡᠳᠦᠪᠯᠡᠭᠦᠨ᠂ ᠭᠦᠭ᠌ ᠠᠶᠠᠰ ᠪᠣᠯᠵᠤ ᠪᠠᠢ᠌ᠭᠰᠠᠨ ᠪᠠᠢ᠌ᠨ᠎ᠠ᠃
ᠴᠢ᠊·ᠪᠦᠷᠢᠡᠪᠠᠶᠡᠷ ᠤᠨ 《ᠳᠡᠭᠡᠳᠤ ᠮᠤᠩᠭ᠋ᠤᠯ ᠤᠨ ᠨᠤᠳᠤᠭ》᠂ 《ᠰᠠᠷᠯᠤᠭ ᠭᠦᠯᠦᠭᠯᠡᠭ᠍ᠰᠡᠨ ᠮᠠᠮᠪᠠ》᠂ ᠰᠡᠷᠡᠡᠭᠡᠷᠡᠯ ᠤᠨ 《ᠭᠦᠭᠡ ᠪᠠᠭᠤᠷᠢ》᠂ 《ᠳᠤᠭᠯᠠᠮ ᠤᠨ ᠭᠡᠷ》᠂ ᠳᠤᠭ ᠤᠨ 《ᠨᠠᠢ᠌ᠵᠢ ᠮᠢᠨᠢ᠂ ᠴᠠᠰᠤᠳᠤ ᠬᠠᠢ᠌ᠷᠬᠠᠨ ᠶᠢᠡᠷ ᠠᠶᠠᠯᠠᠪᠠᠤ》᠂ 《ᠭᠡᠦᠭᠡᠨ ᠤ ᠭᠦᠷᠡᠩ》᠂ 「ᠴᠣᠢ᠌ᠰᠦ᠋ᠷᠤᠩ」 ᠊ᠤᠨ 《ᠵᠢᠭᠦᠷ ᠣᠷᠭᠤᠭᠰᠠᠨ ᠠᠶᠠᠠᠴᠢᠨ》᠂ 《ᠴᠠᠢ᠌ᠳᠠᠮ ᠨᠤᠳᠤᠭ ᠤᠨ ᠣᠯᠠᠭᠠᠨ ᠰᠤᠬᠠᠢ》᠂ ᠬᠦ᠊·ᠴᠠᠷᠠᠩᠪᠠᠯ ᠤᠨ 《ᠢᠨᠠᠭ ᠤᠨ ᠰᠢᠵᠢᠮ》᠂ ᠴᠡᠪᠰᠢᠭ᠌ ᠤᠨ 《ᠠᠶᠠᠯᠠᠯ ᠤᠨ ᠰᠠᠢ᠌ᠬᠠᠨ》᠂ ᠺᠠᠮᠳᠠᠷ ᠤᠨ 《ᠬᠠᠢ᠌ᠷ᠎ᠠ ᠪᠠ ᠰᠠᠷ᠎ᠠ》᠂ ᠵᠠᠩᠮᠠᠷ ᠤᠨ 《ᠪᠢ ᠪᠣᠯ ᠨᠢᠭᠡ ᠰᠢᠷᠭᠡᠭ᠌ ᠡᠪᠠᠰᠤ》᠂ ᠣ·ᠴᠠᠷᠠᠠᠳᠤᠠᠳᠤᠪ ᠤᠨ 《ᠨᠠᠮᠤᠷᠵᠢᠩ ᠤᠨ ᠰᠦᠨᠢ》᠂ ᠪᠠ᠊·ᠴᠡᠭᠠᠭᠦ᠋ᠤ ᠶᠢᠨ 《ᠬᠤᠳᠠ ᠳᠤ ᠪᠠ ᠭᠦᠳᠡᠭᠡ ᠳᠤ》᠂ ᠯᠢᠮᠪᠣᠵᠠ ᠶᠢᠨ 《ᠨᠠᠰᠤᠨ ᠤ ᠨᠤᠳᠤᠭ》᠂ ᠠ᠊·ᠶᠤᠠᠵᠢ ᠶᠢᠨ 《ᠳᠡᠭᠡᠵᠢ ᠪᠠᠨ ᠡᠷᠭᠦᠨ᠎ᠡ》᠂ ᠶᠤ᠋·ᠮᠥᠩᠭᠡᠪᠠᠭᠠᠲᠤᠷ ᠤᠨ 《ᠪᠠᠭᠤᠴᠠ》 (1982 ᠣᠨ) ᠵᠡᠷᠭᠡ ᠪᠦᠳᠦᠭᠡᠯ ᠤᠳ ᠢ ᠳᠤᠷᠠᠳᠴᠤ ᠪᠣᠯᠬᠤ ᠶᠤᠮ᠃ ᠣᠴᠢᠷ ᠨᠢ ᠠᠩᠬ᠎ᠠ ᠡᠭᠢᠯᠡᠨ ᠰᠢᠯᠦᠭ᠌ ᠨᠠᠢ᠌ᠷᠠᠭ ᠣᠷᠤᠯᠳᠤᠵᠤ ᠪᠠᠢ᠌ᠭ᠎ᠠ ᠰᠢᠨ᠎ᠡ ᠭᠠᠷᠴᠤᠳ ᠤᠨ ᠬᠤᠪᠢ ᠳᠤ ᠭᠡᠯᠡᠭᠦ ᠳᠤ ᠨᠠᠯᠢᠶᠠᠤᠨ ᠵᠥᠭᠡᠷ ᠴᠢᠨᠠᠷᠯᠢᠭ ᠪᠢᠴᠢᠵᠤ ᠪᠠᠢ᠌ᠭᠰᠠᠨ ᠨᠢ ᠢᠯᠡᠭᠡᠨ ᠪᠠᠢ᠌ᠨ᠎ᠠ᠃ ᠭᠦᠮᠤᠨ ᠳᠤ ᠪᠠᠢ᠌ᠳᠠᠭ ᠶᠠᠭᠤᠮ᠎ᠠ ᠨᠠᠳᠠ ᠴᠤ ᠪᠠᠢ᠌ᠬᠤ ᠶᠤᠰᠤᠳᠠᠢ ᠭᠡᠮᠡᠨ ᠪᠢᠷ ᠶᠢᠡᠨ ᠢᠷᠯᠠᠨ ᠪᠢᠯᠢᠭ᠌ ᠶᠢᠡᠨ ᠬᠤᠷᠴᠠᠯᠠᠭᠠᠤᠨ ᠪᠣᠰᠤᠭᠰᠠᠨ ᠳᠠᠷᠠ ᠶᠡᠭᠡ ᠵᠤᠷᠢᠭ ᠣᠬᠠᠭᠠᠨ᠂ ᠭᠦᠰᠡᠯ ᠢᠳᠡᠭᠡᠯ᠂ ᠣᠷᠤᠯᠳᠤᠯᠭ᠎ᠠ ᠴᠢᠷᠮᠠᠢ᠌ᠯᠭ᠎ᠠ ᠳᠤ ᠨᠢ ᠮᠥᠩᠭᠡ ᠴᠠᠰᠤᠳᠤ ᠠᠭᠤᠯᠠᠰ ᠨᠢ ᠭᠦᠷᠳᠡᠯ᠎ᠡ ᠣᠶᠠᠷᠠᠨ ᠳᠤᠭᠳᠤᠯᠵᠤ ᠬᠠᠢ᠌ᠯᠤᠨ ᠣᠷᠤᠰᠤᠮᠠᠷ ᠪᠣᠯᠵᠤ ᠪᠠᠢ᠌ᠭᠰᠠᠨ ᠪᠢᠯᠠ ᠦᠦ ⁉
ᠴᠢ᠊·ᠪᠦᠷᠢᠡᠪᠠᠶᠡᠷ ᠪᠠᠭᠰᠢ ᠶᠢᠨ ᠰᠢᠯᠦᠭ᠌ ᠲᠤ ᠦᠰᠴᠤ ᠳᠦᠷᠦᠭ᠍ᠰᠡᠨ ᠦᠪᠣᠷ ᠮᠤᠩᠭ᠋ᠤᠯ ᠨᠤᠳᠤᠭ ᠶᠢᠡᠨ ᠪᠢᠰᠢ᠂ ᠠᠵᠢᠯᠯᠠᠵᠤ ᠠᠮᠢᠳᠤᠷᠠᠭᠰᠠᠨ ᠳᠡᠭᠡᠳᠤ ᠮᠤᠩᠭ᠋ᠤᠯ ᠨᠤᠳᠤᠭ ᠶᠢᠡᠨ ᠮᠠᠭᠳᠠᠨ ᠣᠶᠠᠩᠭ᠋ᠠᠯᠠᠭᠰᠠᠨ ᠰᠢᠯᠦᠭ᠌ ᠤᠳ ᠵᠥᠩᠳᠡᠭᠡᠨ ᠪᠣᠢ᠃ ᠦᠪᠡᠷ ᠤᠨ ᠨᠤᠳᠤᠭ ᠶᠢᠡᠨ ᠰᠠᠨᠠᠬᠤ ᠦᠭᠡᠶ ᠭᠦᠮᠤᠨ ᠭᠡᠵᠤ ᠬᠠᠮᠢᠭ᠎ᠠ ᠪᠠᠢ᠌ᠬᠤ ᠪᠣᠢ᠂ ᠨᠠᠩ ᠴᠤ ᠦᠪᠡᠷ ᠤᠨ ᠨᠤᠳᠤᠭ ᠡᠴᠡ ᠪᠠᠨ ᠰᠠᠯᠵᠤ᠂ ᠭᠦᠮᠤᠨ ᠤ ᠨᠤᠳᠤᠭ ᠲᠤ ᠢᠷᠡᠭ᠍ᠰᠡᠨ ᠭᠦᠮᠤᠨ ᠳᠤ ᠪᠦᠷ ᠭᠡᠴᠡᠭᠦᠤ ᠡ᠃ ᠭᠡᠭᠦ ᠳᠤ ᠴᠢ᠊·ᠪᠦᠷᠢᠡᠪᠠᠶᠡᠷ ᠶᠢᠨ ᠬᠠᠢ᠌ᠷ᠎ᠠ ᠰᠡᠳᠭᠢᠯ᠂ ᠣᠶᠤᠨ ᠪᠣᠳᠤᠯ ᠭᠡᠳᠥᠢᠨᠡᠢ ᠳᠠᠷᠠ ᠪᠦᠭᠦᠨ ᠡᠴᠡ ᠬᠠᠯᠢᠨ ᠭᠠᠷᠴᠤ ᠨᠠᠩ ᠬᠤᠯᠠ᠂ ᠨᠠᠩ ᠦᠷᠭᠡᠨ᠂ ᠨᠠᠩ ᠦᠨᠳᠦᠷ ᠲᠤ ᠳᠡᠭᠦᠯᠢᠨ ᠪᠣᠳᠤᠯ ᠤᠨ ᠭᠢᠵᠠᠭᠠᠷ ᠶᠢᠡᠨ ᠳᠠᠪᠠᠵᠤ ᠰᠡᠳᠭᠢᠯ ᠤᠨ ᠭᠢᠯᠢ ᠪᠠᠨ ᠳᠠᠯᠠᠵᠤ ᠴᠢᠳᠠᠵᠠᠢ᠃ ᠨᠤᠳᠤᠭ ᠭᠢᠯᠢ ᠲᠡᠶ ᠴᠤ ᠰᠡᠳᠭᠢᠯ ᠳᠤ ᠭᠢᠯᠢ ᠪᠠᠢ᠌ᠬᠤ ᠦᠭᠡᠶ᠃ ᠳᠡᠭᠡᠭᠡᠳ ᠭᠢᠯᠢ ᠦᠭᠡᠶ ᠨᠤᠳᠤᠭ ᠶᠢᠡᠨ ᠭᠦᠮᠤᠨ ᠬᠠᠷ᠎ᠠ ᠵᠠᠶᠠᠭᠠᠳᠤ ᠦᠪᠡᠷ ᠶᠢᠡᠨ ᠬᠠᠰᠢᠵᠤ ᠦᠵᠡᠯ ᠣᠬᠠᠮᠰᠠᠷ᠂ ᠣᠶᠤᠨ ᠰᠠᠨᠠᠭ᠎ᠠ ᠪᠠᠨ ᠬᠤᠷᠢᠭᠰᠠᠨ ᠭᠡᠷᠡᠭ᠌᠃ ᠴᠢ᠊·ᠪᠦᠷᠢᠡᠪᠠᠶᠡᠷ ᠪᠠᠭᠰᠢ ᠡᠢ᠌ᠮᠦᠷᠭᠦ ᠨᠢᠳᠤᠨ ᠳᠤ ᠥᠵᠡᠭ᠍ᠳᠡᠭᠦ ᠦᠭᠡᠶ ᠨᠠᠷᠢᠨ ᠭᠢᠯᠢ ᠳᠤ ᠰᠡᠳᠭᠢᠯ ᠣᠶᠤᠨ ᠶᠢᠡᠨ ᠬᠤᠷᠢᠭ᠎ᠠ ᠦᠭᠡᠶ᠂ ᠬᠠᠷᠢᠨ ᠬᠠᠢ᠌ᠷ᠎ᠠ ᠭᠦᠰᠡᠯ ᠶᠢᠡᠷ ᠶᠢᠡᠨ ᠵᠢᠭᠦᠷ ᠭᠢᠵᠤ ᠠᠶᠠᠨ ᠤ ᠰᠢᠪᠠᠭᠤ ᠰᠢᠭ ᠨᠢᠰᠤᠨ ᠭᠠᠷᠴᠠᠢ᠃ 《ᠠᠭᠯᠠᠭ ᠥᠡᠳᠦᠷᠯᠢᠭ᠌᠂ ᠬᠠᠨ ᠬᠠᠢ᠌ᠷᠬᠠᠨ᠂ ᠨᠤᠶᠠᠨ ᠰᠠᠷᠢᠳᠠᠭ / ᠠᠪᠣᠷᠭᠤ ᠳᠦᠷᠢ ᠪᠠᠷ ᠳᠡᠭ᠍ᠷᠢ ᠶᠢ ᠪᠠᠭᠠᠨᠠᠳᠠᠵᠤ ᠬᠠᠨᠠᠢ᠌ᠨ ᠵᠤᠭᠰᠤᠭᠰᠠᠨ/ ᠠᠭᠤᠯᠠ ᠨᠢᠷᠤᠭᠤ᠂ ᠮᠦᠩᠭᠦᠨ ᠰᠡᠵᠢᠭᠦᠷ᠂ ᠮᠦᠰᠤᠳᠤ ᠣᠷᠭᠢᠯ / ᠠᠯᠳᠠᠨ ᠨᠠᠷᠠᠨ ᠳᠤ ᠭᠢᠯᠪᠠᠭ᠎ᠠ ᠰᠠᠴᠤᠷᠠᠵᠤ ᠡᠡᠯᠡᠰᠭᠢᠨ ᠪᠦᠵᠢᠭᠯᠡᠭ᠍ᠰᠡᠨ/ ᠡᠨᠡ ᠪᠣᠯ ᠳᠡᠭᠡᠳᠤ ᠮᠤᠩᠭ᠋ᠤᠯ ᠤᠨ ᠨᠤᠳᠤᠭ / ᠡᠭᠡ ᠣᠯᠤᠰ ᠤᠨ ᠪᠠᠷᠠᠭᠤᠨ ᠬᠣᠢ᠌ᠳᠤ ᠥᠡᠳᠦᠷᠯᠢᠭ᠌ ᠡ ︕》 ᠭᠡᠮᠡᠨ ᠰᠢᠯᠦᠭᠯᠡᠭ᠍ᠰᠡᠨ ᠨᠢ ᠪᠣᠢ᠃ ᠦᠵᠡᠮᠵᠢ ᠪᠣᠯᠤᠨ ᠰᠡᠳᠬᠢᠯᠭᠡ᠂ ᠣᠶᠠᠩᠭ᠋ᠠᠯᠠᠯ ᠭᠢᠭᠡᠳ ᠭᠦᠦᠷᠨᠢᠯ ᠬᠠᠷᠢᠯᠴᠠᠨ ᠠᠭᠤᠰᠤᠯᠴᠠᠨ ᠣᠭᠰᠠᠷᠠᠭᠤᠯᠤᠯ ᠣᠷᠤᠯᠠᠭᠤᠯᠤᠯ ᠵᠡᠷᠭᠡᠴᠡᠭᠡᠳ ᠰᠡᠳᠭᠢᠯ ᠵᠢᠷᠦᠭᠡ᠂ ᠣᠶᠤᠨ ᠰᠠᠨᠠᠭᠠᠨ ᠳᠤ ᠰᠥᠡᠳᠡᠷᠯᠡᠭ᠍ᠰᠡᠨ ᠬᠠᠢ᠌ᠷ᠎ᠠ ᠶᠢᠨ ᠥᠡᠳᠦᠷᠯᠢᠭ᠌ ᠢ ᠱᠤᠭᠤᠨ ᠪᠣᠰᠬᠠᠪᠠ᠃ ᠠᠢ᠌ᠵᠢᠮ ᠴᠤᠭᠢᠯᠭ᠎ᠠ᠂ ᠤᠳᠬ᠎ᠠ ᠶᠢᠨ ᠳᠠᠯᠠᠯᠳᠠ᠂ ᠳᠠᠪᠳᠠᠯᠳᠠ ᠨᠢ ᠠᠷᠭ᠎ᠠ ᠦᠭᠡᠶ ᠳ᠋·ᠨᠠᠴᠤᠭᠳᠤᠷᠵᠢ ᠶᠢᠨ 《ᠮᠢᠨᠤ ᠨᠤᠳᠤᠭ》 ᠊ᠢ ᠰᠠᠨᠠᠭᠳᠠᠭᠤᠯᠤᠨ᠎ᠠ᠃ ᠳᠡᠭᠡᠳᠤ ᠮᠤᠩᠭ᠋ᠤᠯ ᠤᠨ ᠨᠤᠳᠤᠭ ᠲᠤ ᠢᠷᠠᠵᠤ ᠥᠩᠭᠡᠷᠡᠭᠡ ᠦᠭᠡᠶ ᠭᠦᠮᠤᠨ ᠴᠤ ᠴᠢ᠊·ᠪᠦᠷᠢᠡᠪᠠᠶᠡᠷ ᠪᠠᠭᠰᠢ ᠶᠢᠨ ᠰᠢᠯᠦᠭ᠌ ᠪᠦᠳᠦᠭᠡᠯ ᠡᠴᠡ ᠥᠡᠳᠦᠷᠯᠢᠭ᠌ ᠨᠤᠳᠤᠭ ᠤᠨ ᠰᠦᠷᠯᠢᠭ᠌ ᠶᠡᠭᠡᠮᠰᠦᠭ᠌᠂ ᠦᠪᠡᠷᠮᠢᠴᠠ ᠦᠵᠡᠮᠵᠢ᠂ ᠠᠭᠤᠷ ᠠᠮᠢᠰᠬᠤᠯ ᠢ ᠣᠢ᠌ᠯᠠᠭᠠᠨ ᠠᠪᠬᠤ ᠳᠤ ᠵᠤᠪᠠᠬᠤ ᠶᠠᠭᠤᠮ᠎ᠠ ᠦᠭᠡᠶ᠃ ᠰᠢᠯᠦᠭ᠌ ᠪᠦᠳᠦᠭᠡᠯ ᠶᠢᠡᠷ ᠶᠢᠡᠨ ᠳᠡᠭᠡᠳᠤ ᠮᠤᠩᠭ᠋ᠤᠯ ᠤᠨ ᠨᠤᠳᠤᠭ ᠣᠰᠤ᠂ ᠠᠵᠤ ᠠᠮᠢᠳᠤᠷᠠᠯ᠂ ᠵᠠᠩ ᠳᠠᠳᠬᠠᠯ᠂ ᠭᠡᠯᠡ ᠰᠤᠶᠤᠯ ᠢ ᠭᠠᠳᠠᠭᠰᠢ ᠰᠠᠨᠠᠭᠠᠴᠢᠯᠭ᠎ᠠ ᠲᠡᠶ ᠣᠬᠠᠭᠤᠯᠤᠨ ᠰᠤᠷᠳᠠᠯᠴᠢᠯᠠᠵᠤ ᠪᠠᠢ᠌ᠭᠰᠠᠨ ᠣᠬᠠᠮᠰᠠᠷᠳᠤ ᠣᠷᠤᠯᠳᠤᠯᠭ᠎ᠠ ᠴᠢ᠊·ᠪᠦᠷᠢᠡᠪᠠᠶᠡᠷ ᠪᠠᠭᠰᠢ ᠶᠢᠨ ᠰᠢᠯᠦᠭ᠌ ᠵᠤᠬᠢᠶᠠᠯ ᠤᠨ ᠶᠠᠰᠤ ᠴᠢᠮᠦᠭᠡᠨ ᠳᠤ ᠣᠷᠤᠳᠠᠯ᠎ᠠ ᠰᠢᠩᠭᠡᠵᠤ ᠪᠠᠢ᠌ᠨ᠎ᠠ᠃
ᠰᠡᠷᠡᠡᠭᠡᠷᠡᠯ ᠪᠠᠭᠰᠢ ᠶᠢᠨ ᠮᠡᠳᠡᠯᠭᠡ ᠪᠣᠯᠪᠠᠰᠤᠷᠠᠯ᠂ ᠣᠷ᠎ᠠ ᠠᠪᠢᠶᠠᠰ᠂ ᠭᠡᠯᠡ ᠭᠡᠯᠡᠯᠭᠡ ᠠᠯᠢ ᠳᠠᠯ᠎ᠠ ᠡᠴᠡ ᠨᠢ ᠠᠪᠴᠤ ᠥᠵᠡᠭ᠍ᠰᠡᠨ ᠴᠤ ᠰᠢᠯᠦᠭ᠌ ᠨᠠᠢ᠌ᠷᠠᠭ ᠨᠢ ᠵᠤᠭᠢᠬᠤ ᠣᠷᠠᠯᠢᠭ ᠤᠨ ᠪᠣᠯᠪᠠᠰᠤᠷᠠᠯ ᠳᠤ ᠭᠦᠷᠴᠤ ᠪᠠᠢ᠌ᠭᠰᠠᠨ ᠨᠢ ᠢᠯᠡᠭᠡᠨ᠃ ᠳᠡᠭᠦᠨ ᠤ ᠣᠯᠠᠩᠭᠢ ᠪᠦᠳᠦᠭᠡᠯ ᠭᠡᠯᠡ ᠨᠠᠢ᠌ᠷᠠᠭᠤᠯᠭ᠎ᠠ ᠰᠠᠢ᠌ᠳᠠᠢ᠂ ᠰᠢᠷᠭᠠᠭᠠᠯᠳᠠ ᠳᠤᠩᠭ᠋ᠠᠯᠠᠭ᠂ ᠰᠡᠳᠬᠢᠯᠭᠡ ᠦᠨᠡᠠᠴᠢ᠂ ᠰᠠᠳᠤᠪ ᠴᠢᠯᠦᠭᠡᠳᠡᠢ᠂ ᠤᠳᠬ᠎ᠠ ᠰᠠᠷᠠᠭᠤᠯ ᠵᠡᠷᠭᠡ ᠣᠠᠴᠠᠯᠢᠭ ᠲᠡᠶ᠃ ᠰᠡᠷᠡᠡᠭᠡᠷᠡᠯ ᠪᠠᠭᠰᠢ ᠶᠢᠨ ᠪᠢᠴᠢᠭ᠍ᠰᠡᠨ 《ᠳᠤᠭᠯᠠᠮ ᠤᠨ ᠭᠡᠷ》 ᠪᠣᠯ ᠳᠡᠭᠡᠳᠤ ᠮᠤᠩᠭ᠋ᠤᠯ ᠳᠤ ᠬᠠᠮᠤᠭ ᠠᠩᠬ᠎ᠠ ᠨᠡᠢ᠌ᠳᠡᠯᠡᠭ᠍ᠳᠡᠭ᠍ᠰᠡᠨ ᠭᠦᠦᠷᠨᠢᠯ ᠨᠠᠢ᠌ᠷᠠᠭᠯᠠᠯ ᠮᠦᠨ᠃ ᠨᠠᠢ᠌ᠷᠠᠭᠯᠠᠯ ᠳᠤ ᠭᠠᠷᠴᠤ ᠪᠠᠢ᠌ᠭ᠎ᠠ ᠳᠤᠰᠤᠷᠬᠠᠭ ᠱᠠᠩᠳᠠᠭᠤᠨ ᠨᠤᠳᠤᠭ ᠤᠨ ᠭᠡᠯᠡᠯᠭᠡ᠂ ᠣᠷᠠᠨ ᠳᠦᠷᠰᠤᠯᠠᠯ᠂ ᠨᠠᠷᠢᠨ ᠵᠢᠷᠤᠭᠯᠠᠯ ᠨᠢ ᠳᠤᠰ ᠪᠦᠳᠦᠭᠡᠯ ᠶᠢᠡᠨ ᠬᠤᠪᠢ ᠶᠢᠨ ᠭᠠᠳᠠᠨ᠎ᠠ ᠠᠮᠳᠠᠷᠬᠠᠭ ᠮᠦᠷᠳᠡᠭᠡᠨ ᠱᠥᠯᠦᠷᠭᠡᠭ᠌ ᠪᠣᠯᠭᠠᠨ ᠣᠩᠰᠢᠭᠴᠢᠳ ᠤᠨ ᠳᠠᠭᠠᠰᠢᠶᠠᠯ ᠳᠤ ᠭᠦᠷᠭᠡᠵᠡᠢ᠃ ᠨᠠᠢ᠌ᠷᠠᠭᠯᠠᠯ ᠤᠨ ᠡᠭᠢᠨ ᠳᠤ 《ᠰᠠᠭᠢᠰ ᠰᠠᠭᠢᠰ ᠨᠠᠮᠤᠷ ᠤᠨ ᠵᠢᠪᠠᠷ᠂ ᠭᠠᠩᠬᠤᠰ ᠭᠠᠩᠬᠤᠰ ᠰᠢᠷᠭᠠᠯ ᠡᠪᠠᠰᠤ᠂ ᠢᠷᠠᠰ ᠢᠷᠠᠰ ᠳᠠᠯ᠎ᠠ ᠶᠢᠨ ᠰᠦᠷᠦᠭ᠌᠂ ᠭᠠᠩᠭ᠋ᠠᠷ ᠭᠤᠩᠭ᠋ᠤᠷ ᠭᠠᠯᠠᠭᠤᠨ ᠰᠢᠪᠠᠭᠤ ᠁》 ᠭᠡᠮᠡᠭᠦ ᠭᠦᠳᠡᠯᠭᠡᠭᠡᠡᠳᠤ ᠳᠦᠷᠰᠤᠯᠠᠯ ᠪᠣᠢ᠃ ᠣᠶᠠᠷᠠᠭᠤᠨ ᠳᠤᠭᠳᠤᠯᠤᠩᠭ᠋ᠤᠢ ᠠᠳᠠᠯ᠎ᠠ ᠪᠠᠨ ᠭᠦᠨ ᠳᠠᠯᠳᠠ ᠮᠦᠷᠦᠭᠡᠳᠦᠯ ᠤᠨ ᠠᠶᠠᠰ ᠨᠡᠪᠴᠢᠭ᠍ᠰᠡᠨ ᠡᠢ᠌ᠮᠦᠷᠭᠦ ᠪᠢᠴᠢᠯᠭᠡ ᠨᠢ ᠣᠩᠰᠢᠭᠴᠢᠳ ᠶᠢᠡᠨ ᠡᠷᠭᠡ ᠦᠭᠡᠶ ᠨᠢᠭᠡ ᠵᠣᠢ᠌ᠯ ᠤᠨ ᠣᠶᠠᠷᠠᠨ ᠰᠠᠨᠠᠭᠠᠰᠢᠷᠠᠭᠰᠠᠨ ᠪᠠᠢ᠌ᠳᠠᠯ ᠳᠤ ᠭᠦᠳᠦᠯᠤᠨ ᠣᠷᠤᠭᠤᠯᠳᠠᠭ ᠨᠢ ᠵᠢᠭ᠍ᠳᠡᠢ᠃ ᠵᠤᠬᠢᠶᠠᠭᠴᠢ ᠨᠠᠮᠤᠷ ᠤᠨ ᠪᠠᠢ᠌ᠭᠠᠯᠢ ᠪᠠᠨ ᠥᠵᠡᠭᠡᠳ ᠰᠡᠳᠭᠢᠯ ᠨᠢ ᠣᠶᠠᠷᠠᠨ ᠳᠤᠭᠳᠤᠯᠬᠤ ᠪᠠᠷ ᠪᠢᠷ ᠤᠨ ᠥᠵᠦᠭᠦᠷ ᠨᠢ ᠴᠤ ᠳᠠᠭᠠᠭᠠᠤᠨ ᠣᠶᠠᠷᠠᠨ ᠵᠢᠷᠢᠯᠵᠡᠭᠡᠳ ᠪᠠᠢ᠌ᠭᠰᠠᠨ ᠭᠡᠮᠡᠷ᠃ ᠶᠠᠷᠤᠨᠢ ᠰᠡᠷᠡᠡᠭᠡᠷᠡᠯ ᠪᠠᠭᠰᠢ ᠶᠢᠨ ᠪᠦᠭᠦᠢᠯᠡ ᠰᠢᠯᠦᠭ᠌ ᠨᠠᠢ᠌ᠷᠠᠭ ᠤᠨ ᠭᠠᠳᠠᠷ ᠳᠤᠳᠤᠷ ᠬᠠᠯᠢᠰᠤᠨ ᠳᠤ ᠪᠦᠰᠡᠭᠦᠢ ᠭᠦᠮᠤᠨ ᠤ ᠨᠠᠷᠢᠨ ᠮᠠᠳᠠᠷᠠᠮᠵᠢ᠂ ᠨᠠᠮ ᠮᠦᠷᠦᠭᠡᠳᠦᠯ᠂ ᠭᠦᠨ ᠰᠠᠨᠠᠭᠠᠰᠢᠷᠠᠯ ᠤᠨ ᠨᠤᠭᠤᠭᠠᠨ ᠪᠣᠳᠤᠭ ᠨᠠᠭᠠᠯᠳᠤᠨ ᠬᠠᠳᠠᠭᠠᠤᠨ ᠰᠢᠯᠦᠭ᠌ ᠢ ᠨᠢ ᠣᠯᠠᠮ ᠥᠩᠭᠡᠯᠢᠭ᠌ ᠪᠣᠯᠭᠠᠵᠠᠢ᠃ ᠳᠠᠷᠠ ᠮᠦᠷᠳᠡᠭᠡᠨ ᠳᠡᠭᠡᠳᠤ ᠮᠤᠩᠭ᠋ᠤᠯ ᠤᠨ ᠢᠨᠠᠭ ᠤᠨ ᠳᠠᠭᠤᠤ᠂ ᠵᠣᠢ᠌ᠷ ᠰᠠᠴᠠᠨ ᠥᠭᠡᠰ ᠡᠴᠡ ᠵᠤᠭᠢᠬᠤ ᠣᠷᠠᠯᠢᠭ ᠤᠨ ᠰᠢᠮ᠎ᠠ ᠭᠦᠷᠳᠡᠵᠤ᠂ ᠰᠢᠯᠦᠭ᠌ ᠨᠠᠢ᠌ᠷᠠᠭ ᠲᠤ ᠪᠠᠨ ᠪᠦᠳᠦᠭᠡᠯᠴᠢ ᠪᠠᠷ ᠠᠰᠢᠭᠯᠠᠵᠤ ᠪᠠᠢ᠌ᠭᠰᠠᠨ ᠨᠢ ᠣᠢ᠌ᠯᠠᠭᠠᠮᠵᠢᠳᠠᠢ᠃ ᠨᠠᠢ᠌ᠷᠠᠭᠯᠠᠯ ᠳᠤ 《ᠵᠡᠭᠦᠳᠤ ᠪᠠᠷ ᠥᠵᠡᠭ᠍ᠰᠡᠨ ᠣᠷᠴᠢᠯᠠᠩ / ᠰᠠᠢ᠌ᠬᠠᠨ ᠪᠠᠢ᠌ᠭᠠᠤᠨ ᠶᠠᠭᠠᠭᠢᠬᠤ ᠪᠣᠢ ︖ / ᠵᠤᠯ ᠦᠭᠡᠶ ᠬᠤᠶᠠᠷ ᠤᠨ ᠢᠨᠠᠭ / ᠠᠷᠢᠭᠤᠨ ᠪᠠᠢ᠌ᠭᠠᠤᠨ ᠶᠠᠭᠠᠭᠢᠬᠤ ᠪᠣᠢ ︖》 ᠭᠡᠮᠡᠭᠦ ᠦᠪᠡᠷ ᠤᠨ ᠬᠤᠪᠢ ᠵᠠᠶᠠᠭᠠᠨ ᠳᠤ ᠪᠠᠨ ᠭᠤᠳᠤᠷᠠᠨ ᠭᠤᠨᠢᠵᠤ᠂ ᠨᠡᠢ᠌ᠭᠡᠮ ᠤᠨ ᠳᠡᠭ᠍ᠰᠢ ᠪᠣᠰᠤ ᠳᠤ ᠳᠤᠷ᠎ᠠ ᠥᠭᠡᠢ᠌ᠴᠡᠭ᠍ᠰᠡᠨ ᠪᠠᠳᠠᠭ ᠪᠣᠢ᠃ ᠡᠨᠡ ᠨᠢ ᠶᠠᠭ 《ᠴᠠᠰᠤᠳᠤ ᠴᠠᠭᠠᠨ ᠠᠭᠤᠯᠠ ᠶᠢ ᠨᠢ / ᠴᠠᠪᠴᠢᠬᠤ ᠶᠢᠨ ᠪᠢᠰᠢ ᠶᠠᠭᠠᠭᠢᠬᠤ ᠪᠣᠢ ︖ / ᠴᠠᠭᠠᠨ᠎ᠠ ᠪᠠᠨ ᠭᠦᠮᠤᠨ ᠲᠡᠶ ᠴᠢᠮ᠎ᠠ ᠶᠢ / ᠠᠯᠪᠠᠳᠠᠬᠤ ᠶᠢᠨ ᠪᠢᠰᠢ ᠶᠠᠭᠠᠭᠢᠬᠤ ᠪᠣᠢ ︖》 ᠭᠡᠳ ᠳᠠᠭᠤᠯᠠᠳᠠᠭ ᠳᠡᠭᠡᠳᠤ ᠮᠤᠩᠭ᠋ᠤᠯ ᠤᠨ ᠢᠨᠠᠭ ᠤᠨ ᠳᠠᠭᠤᠤ ᠲᠡᠶ ᠤᠳᠬ᠎ᠠ ᠤᠢ᠌ᠷᠠᠳᠤᠨ ᠰᠠᠨᠠᠭ᠎ᠠ ᠳᠠᠭᠠᠷᠠᠵᠤ᠂ ᠪᠢᠴᠢᠯᠭᠡ ᠢᠵᠢᠯᠰᠢᠵᠤ ᠪᠠᠢ᠌ᠭ᠎ᠠ᠃ ᠳᠡᠭᠡᠭᠡᠳ ᠰᠢᠭᠤᠳ ᠠᠯᠢ ᠨᠢ ᠭᠡᠳ ᠵᠢᠭᠠᠴᠢᠬᠠᠵᠤ ᠴᠢᠳᠠᠬᠤ ᠦᠭᠡᠶ ᠪᠦᠭᠦᠢᠯᠡ ᠨᠡᠢ᠌ᠭᠡᠮ ᠤᠨ ᠭᠡᠮ ᠠᠯᠳᠠᠭᠳᠠᠯ ᠪᠣᠯᠤᠭᠰᠠᠨ ᠡᠷᠭᠡ ᠠᠰᠢᠭ᠂ ᠥᠩᠭᠡ ᠳᠠᠯ᠎ᠠ᠂ ᠭᠦᠮᠤᠨ ᠮᠦᠰᠤ ᠶᠢ ᠬᠤᠷᠴᠠ ᠪᠢᠷ ᠶᠢᠡᠷ ᠳᠠᠳᠠᠯᠠᠨ ᠥᠵᠡᠭᠦᠯᠦᠭ᠍ᠰᠡᠨ ᠨᠢ ᠪᠢᠰᠢᠷᠡᠭᠦᠰᠢᠳᠡᠢ᠃ ᠳᠤᠰ ᠨᠠᠢ᠌ᠷᠠᠭᠯᠠᠯ ᠳᠤ ᠬᠤᠪᠢ ᠶᠢᠨ ᠠᠳᠠᠭᠠᠷᠬᠠᠯ ᠵᠢᠳᠦᠭᠡᠷᠭᠡᠯ ᠡᠴᠡ ᠪᠣᠯᠤᠭᠠᠤᠨ ᠬᠠᠮᠳᠤ ᠨᠠᠢ᠌ᠵᠠ ᠶᠢᠨ ᠶᠢᠡᠨ ᠠᠮᠢ ᠨᠠᠰᠤ ᠶᠢ ᠭᠦᠷᠳᠡᠯ᠎ᠡ ᠬᠤᠷᠤᠭᠠᠵᠤ᠂ ᠠᠮᠠᠷᠠᠭ ᠬᠤᠤᠰ ᠢ ᠠᠮᠢᠳᠤ ᠪᠠᠷ ᠬᠠᠭᠠᠴᠠᠭᠤᠯᠤᠭᠰᠠᠨ ᠳᠡᠭ᠍ᠷᠢ ᠳᠤᠯᠤᠮ᠎ᠠ ᠶᠠᠯ᠎ᠠ ᠨᠢᠭᠦᠯ ᠭᠢᠴᠢᠭᠡᠭᠡᠳ ᠨᠤᠶᠠᠨ ᠡᠴᠢᠭᠡ ᠶᠢᠨ ᠶᠢᠡᠨ ᠥᠩᠭᠡ ᠪᠠᠷ ᠶᠠᠮᠠᠷᠴᠤ ᠬᠠᠤᠯᠢ ᠶᠢᠨ ᠬᠠᠷᠢᠭᠤᠴᠠᠯᠭ᠎ᠠ ᠳᠤ ᠣᠨᠠᠯ ᠦᠭᠡᠶ ᠥᠩᠭᠡᠷᠡᠵᠤ ᠪᠠᠢ᠌ᠭ᠎ᠠ ᠦᠨᠡᠨ ᠪᠠᠢ᠌ᠳᠠᠯ ᠢ ᠵᠢᠷᠤᠭᠯᠠᠨ ᠥᠵᠡᠭᠦᠯᠵᠡᠢ᠃ ᠡᠢ᠌ᠮᠦᠷᠭᠦ ᠪᠠᠢ᠌ᠳᠠᠯ ᠮᠠᠨ ᠤ ᠬᠠᠵᠠᠭᠤ ᠬᠠᠪᠢ ᠪᠠᠷ ᠣᠳᠤ ᠴᠤ ᠮᠦᠨ ᠣᠷᠤᠰᠢᠭᠰᠠᠭᠠᠷ ᠪᠣᠢ᠃ ᠡᠨᠡ ᠬᠠᠷᠠᠭᠠᠰᠤ ᠡᠴᠡ ᠠᠪᠤᠨ ᠥᠵᠡᠭᠦ ᠳᠤ ᠰᠡᠷᠡᠡᠭᠡᠷᠡᠯ ᠪᠠᠭᠰᠢ᠂ ᠮᠠᠨ ᠤ ᠨᠢᠳᠤᠨ ᠳᠤ ᠥᠵᠡᠭ᠍ᠳᠡᠨ ᠪᠠᠢ᠌ᠭ᠎ᠠ ᠭᠡᠵᠢᠶ᠎ᠡ ᠴᠤ ᠵᠠᠰᠠᠷᠠᠳᠠᠭ ᠦᠭᠡᠶ ᠨᠡᠢ᠌ᠭᠡᠮ ᠤᠨ ᠭᠡᠮ ᠠᠷᠬᠠᠭ ᠢ ᠨᠠᠢ᠌ᠷᠠᠭ ᠤᠨ ᠰᠤᠷ ᠶᠢᠡᠷ ᠳᠠᠰᠢᠭᠤᠷᠳᠠᠨ ᠥᠵᠡᠭᠦᠯᠵᠤ᠂ ᠳᠤᠩᠭ᠋ᠠᠨ ᠰᠡᠳᠭᠢᠭᠦᠰᠢᠳᠡᠢ ᠰᠠᠳᠤᠪ ᠤᠨ ᠥᠵᠦᠭᠦᠷ ᠬᠠᠶᠠᠭᠰᠠᠨ ᠶᠢᠡᠷ ᠵᠤᠭᠰᠤᠬᠤ ᠦᠭᠡᠶ ᠴᠢᠨᠠᠭᠰᠢᠯᠠᠪᠠᠯ ᠨᠠᠢ᠌ᠷᠠᠭᠯᠠᠯ ᠤᠨ ᠶᠢᠡᠨ ᠠᠮᠢ ᠨᠠᠰᠤ᠂ ᠦᠨ᠎ᠡ ᠦᠷᠳᠡᠭ᠌ ᠢ ᠵᠠᠭᠤᠨ ᠡᠴᠡ ᠵᠠᠭᠤᠨ ᠳᠠᠪᠠᠳᠠᠯ᠎ᠠ ᠣᠷᠳᠤᠳᠬᠠᠨ ᠥᠡᠳᠦᠷᠵᠢᠭᠦᠯᠵᠤ ᠴᠢᠳᠠᠭᠰᠠᠨ ᠭᠡᠵᠤ ᠦᠵᠡᠨ᠎ᠡ᠃
ᠲ᠋ᠤᠭ ᠪᠣᠯᠤᠨ「ᠴᠣᠢ᠌ᠰᠦ᠋ᠷᠤᠩ」 ᠬᠤᠶᠠᠷ ᠨᠥᠭᠦᠷ ᠪᠣᠯ ᠵᠠᠯᠠᠭᠤ ᠨᠠᠰᠤ᠂ ᠡᠷᠳᠡᠮ ᠠᠪᠢᠶᠠᠰ᠂ ᠭᠦᠯᠦᠰᠤ ᠭᠦᠴᠤ ᠪᠠᠨ ᠪᠦᠷ ᠳᠡᠭᠡᠳᠤ ᠮᠤᠩᠭ᠋ᠤᠯ ᠤᠨ ᠤᠳᠬ᠎ᠠ ᠰᠤᠶᠤᠯ ᠤᠨ ᠣᠢ᠌ᠯᠠᠰ ᠲᠤ ᠬᠠᠷᠠᠮ ᠦᠭᠡᠶ ᠡᠷᠭᠦᠭ᠍ᠰᠡᠨ ᠠᠬᠠᠮᠠᠤᠨ ᠰᠤᠶᠤᠯ ᠤᠨ ᠵᠢᠳᠭᠦᠯᠳᠡᠳ ᠶᠤᠮ᠃ ᠦᠨᠦᠳᠤᠷ ᠤᠨ 《ᠳᠡᠭᠡᠳᠤ ᠮᠤᠩᠭ᠋ᠤᠯ ᠣᠷᠠᠨ ᠵᠤᠬᠢᠶᠠᠯ》 ᠊ᠤᠨ ᠭᠦᠭ᠍ᠵᠢᠯ ᠪᠣᠵᠠᠭᠠᠢ᠌ᠷᠠᠯ ᠳᠤ ᠡᠨᠡ ᠬᠤᠶᠠᠷ ᠭᠦᠮᠤᠨ ᠤ ᠭᠦᠴᠤ ᠭᠦᠯᠦᠰᠤ᠂ ᠣᠶᠤᠨ ᠣᠬᠠᠭᠠᠨ ᠰᠢᠩᠭᠡᠭ᠍ᠰᠡᠨ ᠭᠡᠳᠡᠭ᠌ ᠢ ᠥᠭᠡᠢ᠌ᠰᠭᠡᠭᠦ ᠠᠷᠭ᠎ᠠ ᠦᠭᠡᠶ᠃ ᠳᠠᠷᠠ ᠬᠤᠶᠠᠭᠤᠯᠠ 《ᠴᠡᠴᠡᠭ᠍ᠳᠤ ᠴᠠᠢ᠌ᠳᠠᠮ》 ᠰᠡᠳᠭᠦᠯ ᠳᠤ ᠨᠠᠢ᠌ᠷᠠᠭᠤᠯᠤᠭᠴᠢ ᠪᠣᠯᠤᠭᠰᠠᠨ ᠡᠳᠦᠷ ᠡᠴᠡ ᠦᠪᠡᠷ ᠤᠨ ᠣᠢ᠌ᠯᠠᠰ ᠶᠢᠡᠨ ᠦᠷᠡᠭ᠍ᠳᠡᠭᠦᠯᠵᠤ᠂ ᠵᠠᠯᠭᠠᠮᠵᠢ ᠬᠣᠢ᠌ᠴᠢ ᠦᠶ᠎ᠡ ᠶᠢᠨ ᠭᠢᠨ ᠢ ᠭᠦᠮᠦᠵᠢᠭᠦᠯᠭᠦ ᠳᠤ ᠪᠦᠭᠦ ᠰᠠᠨᠠᠭ᠎ᠠ ᠣᠬᠠᠭᠠᠨ ᠶᠢᠡᠨ ᠳᠠᠢ᠌ᠴᠢᠯᠠᠨ ᠠᠵᠢᠯᠯᠠᠭᠰᠠᠨ ᠪᠠᠢ᠌ᠨ᠎ᠠ᠃ ᠳᠡᠭᠦᠨ ᠶᠢᠡᠷ ᠵᠤᠭᠰᠤᠬᠤ ᠦᠭᠡᠶ ᠳᠤᠬᠠᠢ ᠶᠢᠨ ᠦᠶᠡᠰ ᠳᠠᠷᠠ ᠬᠤᠶᠠᠭᠤᠯᠠ ᠶᠢᠨ ᠪᠢᠴᠢᠨ ᠣᠷᠤᠯᠳᠤᠵᠤ ᠪᠠᠢ᠌ᠭᠰᠠᠨ ᠰᠢᠯᠦᠭ᠌ ᠨᠠᠢ᠌ᠷᠠᠭ ᠴᠤ ᠦᠪᠡᠷ ᠦᠪᠡᠷ ᠤᠨ ᠥᠩᠭᠡ ᠠᠶᠠᠰ ᠶᠢᠡᠷ ᠶᠢᠡᠨ ᠢᠯᠭᠠᠷᠠᠨ ᠳᠡᠦᠭᠡ ᠶᠢᠨ ᠬᠠᠭᠤᠳᠠᠰᠤᠨ ᠳᠤ ᠦᠯᠠᠳᠠᠵᠠᠢ᠃ ᠭᠡᠯᠡ ᠭᠡᠯᠡᠯᠭᠡ ᠴᠠᠪᠠᠷ ᠠᠮᠢᠳᠤᠯᠢᠭ᠂ ᠤᠶᠠᠩᠭ᠎ᠠ ᠰᠡᠳᠬᠢᠯᠭᠡ ᠦᠨᠡᠨ ᠪᠣᠷᠤᠭᠵᠢᠭᠤᠨ᠂ ᠤᠳᠬ᠎ᠠ ᠰᠠᠨᠠᠭ᠎ᠠ ᠢᠯᠠ ᠴᠠᠭᠠᠨ ᠪᠠᠢ᠌ᠬᠤ ᠪᠣᠯ ᠪᠦᠷ ᠬᠤᠶᠠᠭᠤᠯᠠ ᠶᠢᠨ ᠰᠢᠯᠦᠭ᠌ ᠤᠨ ᠶᠡᠷᠦᠩᠭᠡᠢ ᠣᠠᠴᠠᠯᠢᠭ ᠪᠠᠢ᠌ᠵᠤ᠂ ᠠᠯᠪᠠ ᠪᠠᠷ ᠰᠢᠬᠠᠵᠤ ᠭᠠᠷᠭᠠᠭᠰᠠᠨ ᠮᠦᠷ ᠪᠠᠳᠠᠭ ᠬᠠᠷᠠᠭᠳᠠᠬᠤ ᠦᠭᠡᠶ ᠪᠦᠭᠡᠳ ᠪᠦᠷ ᠡᠭᠡ ᠨᠤᠳᠤᠭ᠂ ᠡᠵᠢ ᠠᠪᠣ᠂ ᠣᠭᠰᠠᠭ᠎ᠠ ᠶᠠᠰᠤᠳᠠᠨ᠂ ᠠᠷᠠᠤᠨ ᠲᠦᠮᠡᠨ ᠳᠤ ᠪᠠᠨ ᠡᠷᠭᠦᠭ᠍ᠰᠡᠨ ᠦᠨᠡᠠᠴᠢ ᠦᠷ᠎ᠡ ᠶᠢᠨ ᠰᠡᠳᠭᠢᠯ ᠬᠠᠢ᠌ᠷ᠎ᠠ ᠶᠢᠨ ᠰᠥ᠋ ᠶᠤᠮ᠃ ᠡᠨᠡ ᠬᠤᠶᠠᠷ ᠠᠬᠠᠮᠠᠤᠨ ᠰᠤᠶᠤᠯ ᠤᠨ ᠵᠢᠳᠭᠦᠯᠳᠡᠨ ᠤ ᠪᠢᠴᠢᠭ᠍ᠰᠡᠨ ᠰᠢᠯᠦᠭ᠌᠂ ᠠᠰᠬᠠᠭᠰᠠᠨ ᠭᠦᠯᠦᠰᠤ᠂ ᠭᠠᠷᠭᠠᠭᠰᠠᠨ ᠨᠥᠯᠦᠭᠡ ᠪᠦᠷ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠠᠯᠳᠠ ᠭᠦᠷᠦᠰᠦᠨ᠎ᠡ ᠮᠥᠩᠭᠡ ᠰᠢᠩᠭᠡᠭᠦ ᠶᠤᠰᠤᠳᠠᠢ ︕
ᠶᠤ᠋·ᠮᠥᠩᠭᠡᠪᠠᠭᠠᠲᠤᠷ ᠪᠣᠯ ᠳᠡᠭᠡᠳᠤ ᠮᠤᠩᠭ᠋ᠤᠯ ᠳᠤ ᠬᠠᠮᠤᠭ ᠤᠨ ᠳᠦᠷᠦᠭᠦᠤ ᠪᠢᠷ ᠠᠳᠬᠤᠨ ᠪᠣᠰᠤᠭᠰᠠᠨ ᠠᠬᠠᠮᠠᠤᠨ ᠮᠠᠯᠴᠢᠨ ᠢᠷᠠᠭᠤ ᠨᠠᠢ᠌ᠷᠠᠭᠴᠢ ᠪᠣᠯᠤᠨ᠎ᠠ᠃ ᠭᠦᠭᠡ ᠳᠡᠭ᠍ᠷᠢ ᠯᠠ ᠡᠨᠡ ᠭᠦᠤ ᠪᠠᠨ ᠵᠦᠪ ᠳᠠᠨᠢᠵᠤ᠂ ᠪᠠᠭᠰᠢ ᠶᠢᠨ ᠰᠤᠷᠭᠠᠭᠤᠯᠢ ᠡᠴᠡ ᠨᠢ ᠪᠣᠴᠠᠭᠠᠨ ᠮᠠᠯᠴᠢᠨ ᠪᠣᠯᠭᠠᠭᠠᠤᠨ ᠣᠤᠭᠠᠯ ᠰᠤᠶᠤᠯ ᠤᠨ ᠭᠦᠷᠦᠰᠤ ᠲᠡᠶ ᠨᠢ ᠮᠥᠩᠭᠡ ᠬᠤᠯᠪᠣᠭᠰᠠᠨ ᠪᠠᠢ᠌ᠵᠤ ᠳᠠᠭᠠᠷᠠᠨ᠎ᠠ᠃ ᠦᠭᠡᠶ ᠪᠣᠯ ᠳᠡᠭᠦᠨ ᠤ ᠰᠡᠳᠭᠢᠯ ᠣᠶᠤᠨ ᠡᠴᠡ ᠵᠥᠩᠳᠡᠭᠡᠨ ᠠᠰᠬᠠᠷᠠᠭᠠᠤᠨ ᠪᠠᠢ᠌ᠳᠠᠭ ᠠᠮᠢᠳᠤ ᠪᠣᠷᠤᠭᠵᠢᠭᠤᠨ ᠨᠤᠳᠤᠭ ᠤᠨ ᠭᠡᠯᠡ᠂ ᠴᠠᠪᠠᠷ ᠮᠤᠩᠭ᠋ᠤᠯ ᠰᠡᠳᠭᠢᠭᠦᠢ᠂ ᠴᠤᠯᠤ ᠪᠠᠢ᠌ᠭᠠᠯᠢᠯᠢᠭ ᠣᠬᠠᠮᠰᠠᠷ ᠠᠯᠢ ᠭᠡᠳᠥᠢᠨᠡᠢ ᠭᠡᠭᠡᠭ᠍ᠳᠡᠨ ᠬᠠᠶᠠᠭᠳᠠᠭᠰᠠᠨ ᠪᠠᠢ᠌ᠬ᠎ᠠ ᠳ᠋ᠠ᠃ ᠨᠠᠩ ᠴᠤ 《ᠺᠠᠳ᠋ᠷ ᠮᠥᠩᠭᠡᠪᠠᠭᠠᠲᠤᠷ》 (ᠨᠤᠳᠤᠭ ᠤᠨ ᠠᠷᠠᠤᠨ ᠡᠴᠡ ᠨᠠᠭᠠᠳᠴᠤ ᠬᠠᠢ᠌ᠷᠠᠯᠭᠰᠠᠨ ᠬᠤᠴᠢ ᠳᠠᠭᠤᠳᠠᠯᠭ᠎ᠠ) ᠮᠠᠨᠢ ᠦᠨᠡᠨ ᠺᠠᠳ᠋ᠷ ᠪᠣᠯᠴᠢᠬᠠᠭᠰᠠᠨ ᠪᠣᠯ ᠠᠵᠢᠯ ᠠᠯᠪᠠᠨ ᠳᠤ ᠪᠠᠨ ᠶᠠᠭᠠᠷᠠᠵᠤ᠂ ᠣᠠᠳᠤᠤ ᠵᠣᠢ᠌ᠯ ᠳᠤ ᠰᠠᠨᠠᠭ᠎ᠠ ᠪᠣᠳᠤᠯ ᠨᠢ ᠬᠤᠪᠢᠶᠠᠭᠳᠠᠭᠠᠤᠨ ᠰᠢᠯᠦᠭ᠌ ᠨᠠᠢ᠌ᠷᠠᠭ ᠣᠷᠤᠯᠳᠤᠬᠤ ᠪᠠᠢ᠌ᠭᠰᠠᠨ ᠡᠰᠡᠭᠦ ᠶᠢ ᠭᠡᠨ ᠮᠠᠳᠠᠯ᠎ᠠ᠃ ᠶᠠᠭᠤ ᠴᠤ ᠭᠡᠰᠡᠨ ᠳᠠᠷᠠ ᠭᠤᠸᠠᠢ ᠣᠯᠤᠰ ᠤᠨ ᠪᠣᠳᠠᠭ᠎ᠠ ᠢᠳᠡᠭᠦ ᠵᠠᠶᠠᠭ᠎ᠠ ᠳᠤᠳᠠᠭᠰᠠᠨ ᠴᠤ ᠣᠤᠭᠠᠯ ᠰᠤᠶᠤᠯ ᠤᠨ ᠭᠦᠨ ᠭᠦᠷᠦᠰᠤᠨ ᠳᠤ ᠴᠢᠯᠠᠭᠤ ᠰᠢᠭ ᠰᠢᠭᠢᠳᠴᠤ᠂ ᠰᠤᠶᠤᠯ ᠤᠨ ᠪᠣᠭᠢᠷᠳᠤᠯ ᠡᠴᠡ ᠵᠠᠢ᠌ᠯᠠᠵᠤ ᠴᠢᠳᠠᠭᠰᠠᠨ ᠨᠢ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠠᠵᠠ ᠪᠣᠶᠠᠨ ᠭᠡᠮᠡᠨ ᠭᠡᠯᠡᠵᠤ ᠪᠣᠯᠤᠮᠠᠷ᠃ ᠳᠠᠷᠠ ᠭᠤᠸᠠᠢ ᠳᠡᠭᠡᠳᠤ ᠮᠤᠩᠭ᠋ᠤᠯ ᠳᠤ ᠬᠠᠮᠤᠭ ᠳᠦᠷᠦᠭᠦᠤ ᠪᠢᠷ ᠪᠠᠷᠢᠭᠰᠠᠨ ᠮᠠᠯᠴᠢᠨ ᠢᠷᠠᠭᠤ ᠨᠠᠢ᠌ᠷᠠᠭᠴᠢ ᠳᠠᠳᠤᠢ ᠦᠭᠡᠶ ᠮᠦᠨ ᠬᠠᠮᠤᠭ ᠤᠨ ᠣᠳᠠᠭᠠᠨ ᠰᠢᠯᠦᠭ᠌ ᠨᠠᠢ᠌ᠷᠠᠭ ᠣᠷᠤᠯᠳᠤᠭᠰᠠᠨ ᠭᠦᠮᠤᠨ ᠶᠤᠮ᠃ ᠳᠠᠷᠠ ᠭᠤᠸᠠᠢ ᠨᠢᠭᠡᠨᠲᠡ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠠᠩᠬᠠᠨ ᠤ ᠦᠶ᠎ᠡ᠂ ᠳᠤᠮᠳᠠᠴᠢ ᠦᠶ᠎ᠡ᠂ ᠰᠢᠨ᠎ᠡ ᠦᠶ᠎ᠡ ᠭᠡᠮᠡᠭᠦ ᠭᠤᠷᠪᠠᠨ ᠱᠠᠳᠤ ᠦᠶ᠎ᠡ ᠶᠢ ᠠᠵᠢᠭ ᠦᠭᠡᠶ ᠥᠩᠭᠡᠷᠡᠭᠡᠭᠡᠳ ᠪᠣᠢ᠃ ᠠᠩᠬᠠᠨ ᠤ ᠦᠶ᠎ᠡ ᠶᠢᠨ ᠰᠢᠯᠦᠭ᠌ ᠲᠤ ᠪᠠᠨ ᠳᠠᠷᠠ ᠭᠤᠸᠠᠢ ᠣᠶᠠᠩᠭ᠋ᠠᠯᠠᠬᠤ ᠪᠠ ᠭᠦᠦᠷᠨᠢᠭᠦ ᠶᠢ ᠣᠶᠠᠯᠳᠤᠭᠤᠯᠤᠨ ᠪᠣᠳᠤᠯ ᠰᠡᠳᠭᠢᠭ᠍ᠳᠡᠯ ᠶᠢᠡᠨ ᠰᠢᠭᠤᠳ ᠢᠯᠡᠳᠭᠡᠭᠦ ᠶᠢ ᠡᠷᠭᠢᠮᠯᠡᠵᠤ ᠪᠠᠢ᠌ᠭᠰᠠᠨ ᠪᠣᠯ ᠳᠤᠮᠳᠠᠴᠢ ᠦᠶ᠎ᠡ ᠶᠢᠨ ᠨᠠᠢ᠌ᠷᠠᠭ ᠲᠤ ᠪᠠᠨ ᠨᠠᠷᠢᠨ ᠳᠦᠷᠰᠤᠯᠠᠯ ᠢ ᠣᠬᠠᠮᠰᠠᠷ ᠲᠡᠶ ᠵᠠᠷᠤᠵᠤ ᠪᠣᠳᠠᠳᠤ ᠠᠬᠤᠢ ᠳᠤ ᠰᠡᠳᠭᠢᠯ ᠶᠢᠡᠨ ᠠᠭᠤᠰᠬᠠᠬᠤ ᠶᠢ ᠠᠩᠬᠠᠷᠴᠤ ᠡᠭᠢᠯᠡᠵᠡᠢ᠃ ᠳᠡᠭᠦᠨ ᠤ ᠨᠠᠶᠠᠭᠠᠤᠨ ᠣᠨ ᠤ ᠡᠭᠢᠨ ᠶᠢᠡᠷ ᠪᠢᠴᠢᠭ᠍ᠰᠡᠨ 《ᠵᠢᠷᠦᠭᠡᠨ ᠤ ᠮᠢᠨᠢ ᠳᠠᠭᠤᠤ》 ᠭᠡᠭᠦ ᠰᠢᠯᠦᠭ᠌ ᠪᠠ ᠶᠡᠷᠡᠭᠡᠳ ᠣᠨ ᠳᠤ ᠣᠷᠤᠵᠤ ᠢᠷᠡᠭᠡᠳ ᠪᠢᠴᠢᠭ᠍ᠰᠡᠨ 《ᠭᠡᠭᠡᠷ᠎ᠡ ᠵᠢᠷᠭᠠᠵᠤ ᠯᠠ ᠬᠤᠨᠤᠳᠠᠭ ᠶᠤᠮ》 ᠭᠡᠭᠦ ᠰᠢᠯᠦᠭ᠌ ᠲᠤ ᠳᠡᠭᠡᠷᠡᠭᠢ ᠪᠠᠢ᠌ᠳᠠᠯ ᠢᠪ ᠢᠯᠠ ᠬᠠᠷᠠᠭᠳᠠᠵᠤ ᠪᠣᠢ᠃
ᠰᠢᠨ᠎ᠡ ᠵᠠᠭᠤᠨ ᠳᠤ ᠠᠯᠬᠤᠨ ᠣᠷᠤᠵᠤ ᠢᠷᠡᠭᠡᠳ ᠶᠤ᠋·ᠮᠥᠩᠭᠡᠪᠠᠭᠠᠲᠤᠷ ᠭᠤᠸᠠᠢ ᠰᠢᠯᠦᠭ᠌ ᠨᠠᠢ᠌ᠷᠠᠭ ᠲᠤ ᠪᠠᠨ ᠬᠤᠯᠪᠤᠨ ᠪᠣᠳᠤᠯᠳᠠ᠂ ᠣᠷᠠᠨ ᠳᠠᠭᠠᠮᠠᠭᠯᠠᠯ᠂ ᠰᠠᠨᠠᠭ᠎ᠠ ᠳᠦᠷᠢ ᠶᠢᠨ ᠪᠢᠴᠢᠯᠭᠡ ᠶᠢᠨ ᠠᠷᠭ᠎ᠠ ᠶᠢ ᠣᠬᠠᠮᠰᠠᠷ ᠲᠡᠶ ᠭᠡᠷᠡᠭᠯᠡᠨ ᠰᠢᠯᠦᠭ᠌ ᠶᠢᠡᠨ ᠡᠷᠴᠢᠮᠵᠢᠭᠦᠯᠦᠭ᠍ᠰᠡᠨ ᠵᠢᠱᠢᠶ᠎ᠠ ᠮᠤᠩ ᠦᠭᠡᠶ᠃ 《ᠪᠦᠭᠡᠷᠡᠭ᠌ ᠤᠨ ᠬᠠᠷ᠎ᠠ》᠂ 《ᠡᠪᠦᠳᠦᠭ᠌》 ᠵᠡᠷᠭᠡ ᠰᠢᠯᠦᠭ᠌ ᠤᠳ ᠭᠡᠯᠡ ᠭᠡᠯᠡᠯᠭᠡ᠂ ᠣᠷᠠᠯᠢᠭ ᠤᠨ ᠪᠣᠯᠪᠠᠰᠤᠷᠠᠯ ᠵᠡᠷᠭᠡ ᠳᠠᠯ᠎ᠠ ᠪᠠᠷ ᠵᠤᠭᠢᠬᠤ ᠠᠮᠵᠢᠯᠳᠠ ᠣᠯᠤᠭᠰᠠᠨ ᠭᠡᠮᠡᠨ ᠦᠵᠡᠵᠤ ᠪᠣᠯᠤᠨ᠎ᠠ᠃ 《ᠪᠦᠭᠡᠷᠡᠭ᠌ ᠤᠨ ᠬᠠᠷ᠎ᠠ》 ᠭᠡᠮᠡᠭᠦ ᠰᠢᠯᠦᠭ᠌ ᠲᠤ 《ᠪᠦᠭᠡᠷᠡᠭ᠌ ᠤᠨ ᠬᠠᠷ᠎ᠠ ᠰᠢᠷᠢᠯᠳᠦᠭ᠍ᠰᠡᠨ ᠵᠤᠭᠳᠤᠷ ᠶᠢᠡᠨ / ᠰᠠᠮᠨᠠᠨ ᠰᠠᠮᠨᠠᠨ ᠪᠦᠭᠡᠯᠡᠭᠦ ᠳᠤ / ᠵᠠᠮ ᠤᠨ ᠬᠤᠯᠠ ᠳᠤ ᠱᠠᠯᠠ ᠶᠢᠨ ᠴᠢᠯᠠᠭᠤ ᠱᠠᠷᠭᠢᠨ᠎ᠠ》 ᠭᠡᠭᠦ ᠮᠦᠷ ᠪᠣᠢ᠃ ᠳᠡᠮᠡᠭᠡᠨ ᠶᠠᠪᠣᠳᠠᠭ ᠵᠠᠮ ᠶᠢᠡᠷ ᠶᠢᠡᠨ ᠪᠦᠭᠡᠯᠡᠵᠤ ᠰᠠᠭᠤᠬᠤ ᠳᠤ ᠭᠦᠳᠡᠭᠡ ᠳᠤ ᠱᠠᠯᠠ ᠶᠢᠨ ᠴᠢᠯᠠᠭᠤ ᠱᠠᠷᠭᠢᠷᠠᠳᠠᠭ ᠨᠢ ᠶᠠᠭᠤ ᠪᠣᠢ ︖ ᠠᠮᠢᠳᠠᠨ ᠪᠠᠢ᠌ᠭᠠᠯᠢ ᠶᠢᠨ ᠳᠠᠯᠳᠠ ᠶᠢᠨ ᠬᠤᠯᠪᠣᠭ᠎ᠠ ᠭᠡᠵᠤ ᠯᠠ ᠡᠨᠡ ᠪᠠᠢ᠌ᠬ᠎ᠠ ᠡ᠃ ᠡᠨᠡᠭᠦ ᠳᠠᠯᠳᠠ ᠶᠢᠨ ᠬᠤᠯᠪᠣᠭ᠎ᠠ ᠶᠢ ᠰᠡᠳᠭᠢᠯ ᠣᠶᠤᠨ ᠳᠤ ᠪᠠᠨ ᠵᠡᠷᠭᠡ ᠮᠡᠳᠡᠷᠡᠭᠦ ᠨᠠᠷᠢᠨ ᠮᠠᠳᠠᠷᠠᠮᠵᠢ ᠰᠢᠯᠦᠭ᠍ᠴᠢ ᠶᠢᠨ ᠪᠢᠷ ᠢ ᠢᠷᠯᠠᠵᠤ᠂ ᠰᠠᠷᠠᠯ ᠤᠨ ᠥᠵᠦᠭᠦᠷ ᠡᠴᠡ ᠨᠢ ᠴᠢᠮᠭᠢᠵᠠᠢ᠃ 《ᠡᠯᠡᠰᠤ ᠶᠢ ᠬᠤᠳᠣᠢ᠌ᠯᠭᠠᠭᠰᠠᠨ ᠮᠦᠷ ᠨᠢ ᠵᠡᠭᠡᠷ᠎ᠡ ᠶᠢᠨ ᠭᠡᠪᠳᠡᠷᠢ ᠪᠠᠢ᠌ᠯ᠎ᠠ / ᠡᠯᠢᠭᠡᠳᠡᠵᠤ ᠭᠡᠪᠳᠡᠭ᠍ᠰᠡᠨ ᠣᠷᠤᠨ ᠨᠢ ᠳᠦᠭᠦᠷᠢᠭ᠌ ᠤᠨ ᠬᠤᠳᠤᠭᠤᠷ ᠪᠠᠢ᠌ᠯ᠎ᠠ》 ᠭᠡᠳ ᠴᠢᠨᠠᠭᠰᠢ ᠤᠳᠬ᠎ᠠ ᠪᠠᠨ ᠳᠡᠯᠭᠡᠨ ᠰᠠᠨᠠᠭ᠎ᠠ ᠪᠠᠨ ᠳᠤᠳᠤᠳᠬᠠᠨᠠ᠃ ᠡᠯᠡᠰᠤᠨ ᠳᠡᠭᠡᠭᠦᠷ ᠭᠦᠶᠦᠭ᠍ᠰᠡᠨ ᠳᠡᠮᠡᠭᠡᠨ ᠤ ᠮᠦᠷ ᠨᠢ ᠵᠡᠭᠡᠷ᠎ᠡ ᠶᠢᠨ ᠭᠡᠪᠳᠡᠷᠢ ᠪᠣᠯᠳᠠᠭ ᠭᠡᠭᠦ ᠣᠷᠠᠨ ᠳᠠᠭᠠᠮᠠᠭᠯᠠᠯ᠂ ᠡᠯᠢᠭᠡᠳᠡᠵᠤ ᠭᠡᠪᠳᠡᠭ᠍ᠰᠡᠨ ᠣᠷᠤᠨ ᠡᠴᠡ ᠨᠢ ᠳᠡᠷᠭᠡᠯ ᠪᠦᠳᠤᠨ ᠵᠣᠢ᠌ᠯ ᠢ ᠰᠠᠳᠭᠢᠨ ᠣᠯᠤᠭᠰᠠᠨ ᠬᠤᠯᠪᠤᠨ ᠪᠣᠳᠤᠯᠳᠠ ᠨᠢ ᠳᠤᠰ ᠰᠢᠯᠦᠭ᠌ ᠶᠢᠡᠨ ᠣᠯᠠᠮ ᠭᠤᠪᠠᠢ ᠡᠷᠭᠢᠮᠰᠦᠭ᠌ ᠠᠳᠠᠯ᠎ᠠ ᠪᠣᠷᠤᠭᠵᠢᠭᠤᠨ ᠭᠡᠭᠡᠮᠰᠦᠭ᠌ ᠪᠣᠯᠭᠠᠵᠠᠢ᠃
ᠶᠤ᠋·ᠮᠥᠩᠭᠡᠪᠠᠭᠠᠲᠤᠷ ᠭᠤᠸᠠᠢ ᠶᠢᠨ ᠣᠢ᠌ᠭ᠎ᠠ ᠦᠭᠡᠶ ᠰᠡᠳᠭᠢᠯ ᠶᠢᠡᠷ ᠭᠤᠴᠢ ᠭᠠᠷᠤᠢ ᠵᠢᠯ ᠣᠷᠤᠯᠳᠤᠭᠰᠠᠨ ᠰᠢᠯᠦᠭ᠌ ᠨᠠᠢ᠌ᠷᠠᠭ ᠨᠢ ᠬᠤᠶᠠᠷ ᠴᠤ ᠨᠤᠮ ᠭᠠᠷᠭᠠᠬᠤ ᠳᠤ ᠪᠠᠷᠳᠠᠮ ᠭᠦᠢᠴᠡᠨ᠎ᠡ᠃ ᠭᠡᠪᠠᠴᠤ ᠳᠠᠷᠠ ᠭᠤᠸᠠᠢ ᠨᠤᠮ ᠭᠠᠷᠭᠠᠬᠤ ᠭᠡᠵᠤ ᠶᠠᠭᠠᠷᠠᠭ᠎ᠠ ᠦᠭᠡᠶ᠂ ᠪᠠᠰᠠ ᠴᠤ ᠵᠤᠭᠤᠰ ᠮᠦᠩᠭᠦ ᠠᠪᠬᠤ ᠭᠡᠵᠤ ᠵᠠᠰᠠᠭ ᠤᠨ ᠴᠢᠷᠠᠢ ᠬᠠᠷᠠᠭ᠎ᠠ ᠦᠭᠡᠶ᠃ ᠳᠤᠪ ᠳᠤᠭᠤᠢ ᠭᠡᠳᠤᠨ ᠮᠠᠯ ᠶᠢᠡᠨ ᠳᠠᠭᠠᠵᠤ᠂ ᠭᠦᠳᠡᠭᠡ ᠶᠢᠨ ᠴᠠᠪᠠᠷ ᠠᠭᠠᠷ ᠲᠤ ᠡᠪᠦᠳᠦᠭ᠌ ᠳᠡᠭᠡᠷ᠎ᠡ ᠪᠠᠨ ᠰᠢᠯᠦᠭ᠌ ᠶᠢᠡᠨ ᠳᠠᠳᠠᠯᠠᠵᠤ ᠶᠠᠪᠣᠭ᠎ᠠ᠃
ᠭᠤᠷᠪᠠ ᠄ ᠳᠤᠮᠳᠠᠴᠢ ᠦᠶ᠎ᠡ ᠶᠢᠨ ᠢᠷᠠᠭᠤ ᠨᠠᠢ᠌ᠷᠠᠭ
ᠲ᠋ᠡᠭᠡᠷ᠎ᠡ ᠵᠠᠭᠤᠨ ᠤ ᠨᠠᠶᠠᠭᠠᠤᠨ ᠣᠨ ᠤ ᠰᠡᠭᠦᠯᠴᠢ ᠶᠡᠷᠡᠭᠡᠳ ᠣᠨ ᠤ ᠡᠭᠢᠨ ᠤ ᠴᠠᠭ ᠦᠶ᠎ᠡ ᠶᠢ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠦᠷᠨᠢᠯᠳᠠ ᠶᠢᠨ ᠬᠤᠭᠤᠴᠠᠭ᠎ᠠ ᠭᠡᠵᠤ ᠪᠣᠯᠤᠨ᠎ᠠ᠃ ᠡᠨᠡ ᠦᠶ᠎ᠡ ᠪᠣᠯᠵᠤ ᠢᠷᠡᠭᠡᠳ ᠰᠢᠯᠦᠭ᠍ᠴᠢᠳ ᠤᠨ ᠡᠩᠨᠡᠭᠡ ᠦᠰᠤᠨ ᠪᠣᠵᠠᠭᠠᠢ᠌ᠷᠠᠭᠰᠠᠨ ᠶᠢᠡᠷ ᠪᠠᠷᠠᠬᠤ ᠦᠭᠡᠶ ᠰᠢᠯᠦᠭ᠌ ᠪᠢᠴᠢᠭᠦ ᠨᠢ ᠨᠢᠭᠡ ᠵᠣᠢ᠌ᠯ ᠤᠨ ᠣᠬᠠᠮᠰᠠᠷᠳᠤ ᠣᠷᠤᠯᠳᠤᠯᠭ᠎ᠠ ᠪᠣᠯᠤᠨ ᠬᠤᠪᠢᠷᠠᠵᠤ᠂ ᠣᠷᠢᠳ ᠡᠮᠤᠨ᠎ᠡ ᠪᠠᠢ᠌ᠭ᠎ᠠ ᠦᠭᠡᠶ ᠰᠢᠯᠦᠭ᠌ ᠤᠨ ᠶᠡᠭᠡ ᠬᠠᠯᠠᠭᠤᠷᠠᠯ ᠢ ᠠᠪᠴᠢᠷᠠᠭᠰᠠᠨ ᠪᠠᠢ᠌ᠨ᠎ᠠ᠃ ᠡᠨᠡᠭᠦ ᠬᠠᠯᠠᠭᠤᠷᠠᠯ ᠢ ᠪᠣᠢ ᠪᠣᠯᠭᠠᠭᠰᠠᠨ ᠤ ᠭᠤᠤᠯ ᠵᠠᠩᠭᠢᠯᠭ᠎ᠠ ᠨᠢ ᠣᠶᠤᠳᠠᠤᠨ ᠤᠨ ᠳᠤᠭ᠎ᠠ ᠨᠡᠮᠡᠭ᠍ᠳᠡᠵᠤ᠂ ᠰᠤᠶᠤᠯ ᠤᠨ ᠰᠤᠯᠢᠯᠴᠠᠭ᠎ᠠ ᠴᠢᠩᠭ᠋ᠠᠷᠠᠭᠰᠠᠨ ᠳᠤ ᠪᠣᠢ᠃ ᠡᠨᠡ ᠦᠶ᠎ᠡ ᠶᠢᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠭᠡᠯᠪᠠᠷᠢ ᠣᠠᠴᠠᠯᠢᠭ ᠴᠢᠯᠦᠭᠡᠳᠡᠢ᠂ ᠭᠡᠪ ᠨᠠᠮᠪᠠ ᠦᠪᠡᠷᠮᠢᠴᠠ ᠣᠯᠠᠨ ᠶᠠᠩᠵᠤ ᠶᠢᠨ ᠪᠣᠯᠤᠨ ᠭᠦᠭ᠍ᠵᠢᠵᠤ ᠰᠠᠨᠠᠭ᠎ᠠ ᠳᠦᠷᠢ᠂ ᠬᠠᠮ ᠰᠠᠷᠠᠯ᠂ ᠳᠦᠷᠰᠤ ᠬᠤᠪᠢᠷᠠᠭᠠᠬᠤ᠂ ᠬᠤᠯᠪᠤᠨ ᠪᠣᠳᠤᠯᠳᠠ᠂ ᠣᠷᠠᠨ ᠳᠠᠭᠠᠮᠠᠭᠯᠠᠯ ᠵᠡᠷᠭᠡ ᠰᠢᠨ᠎ᠡ ᠪᠢᠴᠢᠯᠭᠡ ᠶᠢᠨ ᠠᠷᠭ᠎ᠠ ᠶᠢ ᠣᠷᠠᠨ ᠳᠠᠮᠳᠠᠢ ᠵᠠᠷᠤᠨ ᠭᠠᠳᠠᠷ ᠳᠦᠷᠰᠤᠯᠠᠯ᠂ ᠢᠯᠠ ᠣᠶᠠᠩᠭ᠋ᠠᠯᠠᠯ ᠢ ᠴᠢᠬᠤᠯᠠᠴᠢᠯᠠᠵᠤ ᠪᠠᠢ᠌ᠭᠰᠠᠨ ᠡᠴᠡ ᠪᠠᠨ ᠪᠣᠳᠠᠰ ᠶᠠᠭᠤᠮ᠎ᠠ ᠶᠢᠨ ᠮᠦᠨ ᠴᠢᠨᠠᠷ ᠢ ᠳᠠᠨᠢᠬᠤ᠂ ᠣᠶᠤᠠᠯᠢᠭ ᠳᠤᠶᠠᠴᠢᠯᠳᠠ ᠭᠢᠭᠦ᠂ ᠳᠤᠳᠤᠭᠠᠳᠤ ᠬᠤᠯᠪᠣᠭ᠎ᠠ ᠶᠢ ᠵᠠᠳᠠᠯᠬᠤ ᠳᠠᠰᠢ ᠰᠢᠯᠵᠢᠵᠠᠢ᠃ ᠳᠡᠭᠡᠭᠡᠳ ᠳᠤᠭ᠎ᠠ ᠴᠢᠨᠠᠷ ᠤᠨ ᠳᠠᠯ᠎ᠠ ᠳᠤ ᠴᠤ ᠮᠡᠳᠡᠭ᠍ᠳᠡᠭᠦᠢᠴᠡ ᠬᠤᠪᠢᠷᠠᠯᠳᠠ ᠭᠠᠷᠴᠤ᠂ ᠰᠤᠨᠢᠨ ᠰᠡᠳᠭᠦᠯ ᠶᠢᠡᠨ ᠭᠠᠳᠠᠭᠰᠢ ᠳᠠᠷᠬᠠᠭᠠᠬᠤ ᠪᠣᠶᠤ ᠰᠢᠯᠦᠭ᠌ ᠨᠠᠢ᠌ᠷᠠᠭ ᠶᠢᠡᠨ ᠮᠤᠵᠢ ᠶᠢᠨ ᠭᠠᠳᠠᠨᠠᠭᠢ ᠰᠤᠨᠢᠨ ᠰᠡᠳᠭᠦᠯ ᠳᠤ ᠨᠡᠢ᠌ᠳᠡᠯᠡᠭᠦ ᠵᠢᠴᠢ ᠬᠤᠪᠢ ᠭᠦᠮᠤᠨ ᠤ ᠰᠢᠯᠦᠭ᠌ ᠤᠨ ᠳᠡᠭᠦᠪᠦᠷᠢ ᠭᠠᠷᠭᠠᠬᠤ ᠭᠡᠯᠪᠠᠷᠢ ᠪᠠᠷ ᠣᠷᠤᠨ ᠨᠤᠳᠤᠭ ᠤᠨ ᠭᠢᠯᠢ ᠭᠢᠵᠠᠭᠠᠷ ᠡᠴᠡ ᠳᠠᠪᠠᠨ ᠭᠠᠷᠤᠭᠠᠤᠨ ᠨᠠᠩ ᠦᠷᠭᠡᠨ ᠳᠡᠯᠭᠡᠷ ᠭᠡᠪᠴᠢᠶᠡᠨ ᠳᠤ ᠦᠪᠡᠷ ᠢ ᠪᠠᠨ ᠳᠠᠨᠢᠭᠤᠯᠤᠨ ᠣᠬᠠᠭᠠᠭᠤᠯᠬᠤ ᠶᠢ ᠠᠩᠬᠠᠷᠴᠤ ᠡᠭᠢᠯᠡᠭ᠍ᠰᠡᠨ ᠪᠠᠢ᠌ᠨ᠎ᠠ᠃ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠳᠤᠮᠳᠠᠴᠢ ᠦᠶ᠎ᠡ ᠶᠢᠨ ᠰᠢᠯᠦᠭ᠍ᠴᠢᠳ ᠡᠴᠡ「 ᠴᠢ᠊·ᠳᠠᠯᠠᠢ」᠂ ᠰᠡᠴᠠᠨᠭᠦ᠋ᠤ᠂ ᠭᠦᠭᠡᠰᠢᠯᠢ᠂ ᠪᠠᠶᠠᠨ᠂ ᠬᠢ᠊·ᠮᠥᠩᠭᠡᠪᠠᠶᠡᠷ᠂ ᠬᠦ᠊·ᠠᠯᠳᠠᠠᠬᠤᠶᠠᠭ᠂ ᠶ·ᠳᠦᠪᠰᠢᠠᠪᠠᠶᠠᠷ᠂ ᠨᠡᠷᠡᠡᠵᠥᠭ᠌᠂ ᠨ·ᠴᠡᠯᠡᠭᠡᠷ᠂ ᠭᠢᠨᠠᠮᠠᠭᠠᠢ᠂ ᠪᠠ᠊·ᠪᠠᠯᠮᠠᠳᠤᠷᠵᠢ᠂ ᠯ·ᠣᠳᠤᠨ ᠨᠡᠷ ᠢ ᠳᠤᠷᠠᠳᠴᠤ ᠪᠣᠯᠤᠨ᠎ᠠ᠃
「 ᠴᠢ᠊·ᠳᠠᠯᠠᠢ」 ᠠᠮᠢᠳᠤ ᠶᠠᠪᠣᠭᠰᠠᠨ ᠭᠤᠴᠢᠬᠠᠨ ᠨᠠᠰᠤᠨ ᠳᠤ ᠪᠠᠨ 《ᠡᠭᠡ ᠨᠤᠳᠤᠭ》᠂ 《ᠭᠦᠮᠪᠦᠨ ᠭᠦᠷᠭᠦ ᠳᠠᠩᠴᠢ ᠬᠤᠯᠠ》᠂ 《ᠴᠢ ᠪᠢᠳᠠ ᠬᠤᠶᠠᠷ》᠂ 《ᠳᠡᠭ᠍ᠷᠢ ᠡᠷᠭᠦᠭ᠍ᠰᠡᠨ ᠬᠤᠷᠸ᠎ᠠ》 ᠵᠡᠷᠭᠡ ᠨᠠᠯᠢᠶᠠᠤᠨ ᠭᠡᠳᠤᠨ ᠴᠢᠨᠠᠷᠯᠢᠭ ᠪᠦᠳᠦᠭᠡᠯ ᠶᠢᠡᠨ ᠮᠠᠨ ᠳᠤ ᠥᠯᠡᠳᠡᠭᠡᠵᠢ᠃ ᠳᠡᠭᠦᠨ ᠤ ᠳᠤᠷᠰᠢᠨ ᠣᠷᠤᠯᠳᠤᠵᠤ ᠪᠠᠢ᠌ᠭᠰᠠᠨ ᠪᠦᠳᠡᠭᠢ ᠴᠢᠯᠦᠭᠡᠳᠤ ᠰᠢᠯᠦᠭ᠌ ᠨᠢ ᠴᠤ ᠳᠤᠬᠠᠢ ᠶᠢᠨ ᠦᠶᠡᠰ ᠣᠯᠤᠰ ᠤᠨ ᠳᠤᠳᠤᠭᠠᠳᠤ ᠭᠠᠳᠠᠭᠠᠳᠤ ᠳᠤ ᠵᠤᠭᠢᠬᠤ ᠨᠥᠯᠦᠭᠡ ᠲᠡᠶ ᠪᠠᠢ᠌ᠭᠰᠠᠨ ᠪᠠᠢ᠌ᠨ᠎ᠠ᠃ ᠰᠢᠯᠦᠭ᠌ ᠨᠠᠢ᠌ᠷᠠᠭ ᠲᠤ ᠪᠠᠨ ᠰᠢᠨ᠎ᠡ ᠰᠡᠪᠠᠭᠦᠨ ᠪᠢᠴᠢᠯᠭᠡ ᠶᠢᠨ ᠠᠷᠭ᠎ᠠ ᠶᠢ ᠢᠳᠠᠪᠭᠢᠳᠠᠢ ᠭᠡᠷᠡᠭᠯᠡᠨ ᠵᠢᠵᠢᠭ᠌ ᠰᠠᠳᠤᠪ ᠶᠢᠡᠷ ᠳᠤᠮᠤ ᠠᠰᠠᠭᠤᠳᠠᠯ ᠢ ᠬᠠᠷᠠᠭᠤᠯᠬᠤ᠂ ᠢᠯᠠ ᠡᠴᠡ ᠳᠠᠯᠳᠠ ᠶᠢ ᠰᠡᠳᠭᠢᠭᠦᠯᠭᠦ᠂ ᠶᠤᠰᠤ ᠣᠴᠢᠷ ᠢ ᠰᠠᠮ ᠳᠤᠭᠢᠬᠤ ᠪᠣᠯ「 ᠴᠢ᠊·ᠳᠠᠯᠠᠢ」 ᠶ᠋ᠢᠨ ᠰᠢᠯᠦᠭ᠌ ᠤᠨ ᠣᠠᠴᠠᠯᠢᠭ ᠶᠤᠮ᠃ 《ᠬᠠᠮᠢᠭ᠎ᠠ ᠶᠠᠪᠣᠭᠰᠠᠨ ᠴᠤ ᠠᠳᠠᠯᠢᠬᠠᠨ ᠶᠤᠮ /ᠬᠠᠢ᠌ᠷᠠᠳᠤ ᠊᠊᠊᠊᠊᠊᠊᠊᠊᠊᠊᠊᠊᠊᠊ / ᠡᠭᠡ ᠨᠤᠳᠤᠭ ᠮᠢᠨᠢ ᠡ / ᠬᠠᠷᠠᠭᠠᠨ ᠵᠠᠢ ᠳᠤᠳᠤᠨᠤᠬᠠᠨ ᠦᠨᠦᠰᠴᠤ / ᠬᠠᠮᠤᠭ ᠤᠨ ᠳᠤᠳᠤᠬᠠᠨ ᠨᠠᠮᠢᠷᠠᠬᠤ /ᠲ᠋ᠠᠨ ᠤ ᠪᠠᠷ᠎ᠠ / ᠬᠤᠯᠠ ᠪᠢᠰᠢ ᠡ》 ᠭᠡᠵᠤ 《ᠡᠭᠡ ᠨᠤᠳᠤᠭ》 ᠭᠡᠮᠡᠭᠦ ᠰᠢᠯᠦᠭ᠌ ᠲᠤ ᠪᠠᠨ ᠰᠢᠯᠦᠭᠯᠡᠯ᠎ᠡ᠃ ᠳᠤᠯᠤᠭᠠᠢ ᠰᠡᠭᠦᠯ ᠬᠤᠯᠪᠤᠨ ᠡᠩ ᠵᠡᠷᠭᠡᠴᠡᠭᠦᠯᠭᠦ ᠣᠯᠠᠮᠵᠢᠯᠠᠯᠳᠤ ᠮᠤᠩᠭ᠋ᠤᠯ ᠰᠢᠯᠦᠭ᠌ ᠤᠨ ᠪᠢᠴᠢᠯᠭᠡ ᠶᠢᠨ ᠠᠷᠭ᠎ᠠ ᠶᠢ ᠵᠤᠷᠢᠭᠤᠳᠠ ᠡᠪᠳᠡᠨ ᠳᠠᠭᠢᠷ ᠳᠤᠭᠤᠯᠠᠩ ᠮᠦᠷ ᠪᠠᠳᠠᠭ ᠢ ᠡᠮᠭᠢ ᠵᠠᠮᠪᠠᠷᠠᠭ᠎ᠠ ᠦᠭᠡᠶ ᠦᠷᠤᠵᠤ᠂ ᠰᠡᠳᠭᠢᠯ ᠤᠨ ᠳᠤᠰᠤᠯᠳᠠ ᠪᠠᠨ ᠳᠠᠭᠠᠷᠠᠭᠤᠯᠤᠭᠰᠠᠨ ᠨᠢ ᠰᠤᠨᠢᠨ᠃ ᠨᠠᠩ ᠴᠤ ᠬᠤᠶᠠᠷ ᠰᠠᠷᠠᠯ ᠤᠨ ᠬᠤᠭᠤᠷᠤᠠᠳᠠᠭᠢ ᠰᠤᠯᠪᠢᠴᠠᠯ ᠶᠢᠡᠷ ᠨᠤᠳᠤᠭ ᠪᠣᠯᠤᠨ ᠰᠡᠳᠭᠢᠯ ᠤᠨ ᠵᠠᠢ ᠶᠢ ᠬᠤᠮᠢᠨ ᠡᠪᠭᠡᠭ᠍ᠰᠡᠨ ᠨᠢ ᠭᠠᠢ᠌ᠬᠠᠯᠳᠠᠢ᠃
《ᠣᠨᠠᠬᠤ ᠨᠠᠷᠠ ᠶᠢ ᠵᠥᠭᠯᠡᠨ /ᠦᠶ᠎ᠡ ᠦᠶ᠎ᠡ ᠶᠢᠨ ᠭᠦᠮᠤᠨ / ᠨᠠᠮ ᠵᠢᠮ/ ᠨᠤᠷᠠᠯ᠎ᠠ /ᠣᠳᠠᠭᠠᠨ ᠣᠨ ᠤ ᠡᠴᠦᠰ ᠭᠢᠰᠭᠢᠨ/ ᠵᠤᠭᠰᠤᠵᠤ ᠴᠢᠳᠠᠭᠰᠠᠨ/ ᠭᠦᠮᠤᠨ/ ᠨᠢᠭᠡ ᠴᠤ ᠭᠠᠷᠤᠭᠰᠠᠨ ᠦᠭᠡᠶ / ᠭᠦᠮᠪᠦᠨ ᠭᠦᠷᠭᠦ ᠳᠠᠩᠴᠢ ᠬᠤᠯᠠ ᠡ》 ᠳᠠᠭᠠᠪᠣᠷᠢ ᠲᠡᠶ ᠪᠠᠨ ᠨᠡᠢ᠌ᠯᠡᠭᠡᠳ ᠠᠷᠠᠢ ᠭᠤᠴᠢ ᠭᠦᠷᠭᠦ ᠦᠭᠡᠶ ᠥᠭᠡ ᠲᠡᠶ ᠡᠨᠡ ᠣᠬᠤᠷ ᠰᠢᠯᠦᠭ᠌ ᠭᠦᠮᠦᠰ ᠲᠤ ᠣᠯᠠᠨ ᠶᠠᠭᠤᠮ᠎ᠠ ᠶᠢ ᠰᠠᠮ ᠳᠤᠭᠢᠯ᠎ᠠ᠃ ᠭᠠᠷᠴᠠᠭ ᠡᠴᠡ ᠪᠠᠨ ᠡᠭᠢᠯᠡᠭᠡᠳ ᠰᠤᠨᠢᠷᠬᠠᠯᠳᠠᠢ ᠰᠠᠨᠠᠭᠳᠠᠵᠤ᠂ ᠣᠩᠰᠢᠭᠴᠢᠳ ᠲᠤ ᠠᠷᠪᠢᠨ ᠶᠠᠭᠤᠮ᠎ᠠ ᠪᠣᠳᠤᠭᠤᠯᠤᠨ᠎ᠠ᠃ ᠶᠠᠭᠠᠭᠢᠭᠠᠤᠨ 《ᠭᠦᠮᠪᠦᠨ ᠭᠦᠷᠭᠦ ᠳᠠᠩᠴᠢ ᠬᠤᠯᠠ ᠡ》 ᠭᠡᠰᠡᠨ ᠪᠣᠢ ⁈ ᠭᠦᠮᠤᠨ ᠠᠷᠠᠤᠨ ᠤᠨ ᠰᠡᠳᠭᠢᠯ ᠳᠤ ᠮᠠᠰᠢ ᠤᠢ᠌ᠷᠠᠬᠠᠨ ᠪᠠᠢ᠌ᠳᠠᠭ ᠶᠠᠭᠤᠮ᠎ᠠ ᠶᠢ 《ᠳᠠᠩᠴᠢ ᠬᠤᠯᠠ》 ᠭᠡᠵᠤ ᠪᠢᠴᠢᠭ᠍ᠰᠡᠨ ᠨᠢ ᠯᠠ ᠣᠴᠢᠷ ᠲᠡᠶ᠃ ᠮᠠᠨᠠᠢ᠌ᠭᠢᠨ ᠭᠡᠳᠤᠨ ᠦᠶ᠎ᠡ ᠪᠠᠷ ᠮᠦᠷᠭᠦᠯ ᠭᠢᠵᠤ ᠪᠣᠢ ᠭᠡᠳ ᠭᠦᠮᠪᠦᠨ ᠳᠤ ᠣᠴᠢᠨ ᠳᠡᠭᠡᠷ᠎ᠡ ᠳᠡᠭᠡᠷ᠎ᠡ ᠡᠴᠡ ᠪᠠᠨ ᠣᠨᠠᠨ ᠨᠤᠷᠠᠭᠠᠤᠨ ᠪᠠᠢ᠌ᠭᠰᠠᠨ ᠡᠴᠡ ᠪᠢᠰᠢ ᠵᠤᠭᠰᠤᠵᠤ ᠴᠢᠳᠠᠭᠰᠠᠨ ᠭᠦᠮᠤᠨ ᠭᠠᠭᠴᠠ ᠴᠤ ᠦᠭᠡᠶ᠃ ᠭᠡᠳᠦᠢ ᠬᠠᠷᠠᠮᠰᠠᠯᠳᠠᠢ ᠪᠣᠢ ⁈ ᠶᠠᠭᠤᠨ ᠳᠤ ᠣᠷᠭᠤᠬᠤ ᠨᠠᠷᠠ ᠶᠢ ᠴᠢᠭᠯᠡᠨ ᠭᠦᠷᠭᠦ ᠶᠠᠭᠤᠮᠠᠨ ᠳᠤ ᠪᠠᠨ ᠶᠠᠪᠣᠵᠤ ᠮᠡᠳᠡᠭᠦ ᠦᠭᠡᠶ᠂ ᠵᠠᠪᠠᠯ ᠣᠨᠠᠬᠤ ᠨᠠᠷᠠ ᠶᠢ ᠵᠥᠭᠯᠡᠨ ᠭᠡᠵᠢᠶ᠎ᠡ ᠴᠤ ᠭᠦᠷᠴᠤ ᠴᠢᠳᠠᠬᠤ ᠦᠭᠡᠶ ᠬᠤᠭᠤᠰᠤᠨ ᠶᠠᠭᠤᠮ᠎ᠠ ᠣᠷᠤᠭᠤ ᠣᠴᠢᠨ ᠬᠣᠢ᠌ᠨ᠎ᠠ ᠬᠣᠢ᠌ᠨ᠎ᠠ ᠡᠴᠡ ᠪᠠᠨ ᠨᠤᠷᠠᠵᠤ ᠳᠠᠭᠤᠰᠳᠠᠭ ᠪᠢᠯᠠ ⁈ ᠰᠢᠯᠦᠭ᠍ᠴᠢ ᠳᠡᠦᠭᠡ ᠠᠮᠢᠳᠤᠷᠠᠯ᠂ ᠱᠠᠰᠢᠨ ᠰᠤᠶᠤᠯ ᠤᠨ ᠬᠠᠷᠠᠭᠠᠰᠤ ᠡᠴᠡ ᠨᠢᠳᠤᠨ ᠡᠮᠤᠨ᠎ᠡ ᠣᠷᠤᠰᠢᠵᠤ ᠪᠠᠢ᠌ᠭ᠎ᠠ ᠪᠣᠳᠠᠳᠤ ᠪᠠᠢ᠌ᠳᠠᠯ ᠳᠤ ᠣᠶᠤᠠᠯᠢᠭ ᠳᠤᠶᠠᠴᠢᠯᠳᠠ ᠭᠢᠵᠤ ᠭᠦᠮᠤᠨ ᠠᠷᠠᠤᠨ ᠶᠢᠡᠨ ᠱᠠᠰᠢᠨ ᠤ ᠮᠤᠩᠬᠠᠷᠠᠯ ᠡᠴᠡ ᠳᠠᠭᠤᠳᠠᠨ ᠰᠡᠷᠢᠭᠡᠭᠦ ᠪᠠᠷ ᠪᠢᠷ ᠪᠠᠭᠡ ᠵᠠᠷᠤᠴᠠᠭᠤᠯᠤᠭᠰᠠᠨ ᠨᠢ ᠦᠨᠡᠳᠠᠢ᠃
「 ᠴᠢ᠊·ᠳᠠᠯᠠᠢ」 ᠶ᠋ᠢᠨ ᠰᠢᠯᠦᠭ᠌ ᠤᠳ ᠣᠬᠤᠷ ᠡᠷᠴᠢᠮᠯᠢᠭ᠌ ᠮᠦᠷᠳᠡᠭᠡᠨ ᠶᠡᠭᠡ ᠭᠦᠨ ᠣᠬᠠᠭᠠᠯᠢᠭ᠃ ᠶᠤᠰᠤ ᠣᠴᠢᠷ ᠢ ᠰᠢᠭᠤᠳ ᠢᠯᠠ ᠳᠤᠭᠠᠴᠢᠨ ᠣᠶᠠᠩᠭ᠋ᠠᠯᠠᠳᠠᠭ ᠪᠣᠰᠤ ᠬᠠᠷᠢᠨ ᠢᠯᠡᠳᠭᠡᠭᠦ ᠭᠡᠰᠡᠨ ᠰᠠᠨᠠᠭ᠎ᠠ ᠪᠠᠨ ᠥᠭᠡᠷ᠎ᠡ ᠨᠢᠭᠡ ᠭᠡᠯᠪᠠᠷᠢ ᠪᠠᠷ ᠰᠠᠮ ᠳᠤᠭᠢᠨ ᠭᠠᠷᠭᠠᠳᠠᠭ᠃ ᠡᠨᠡ ᠨᠢ ᠳᠤᠬᠠᠢ ᠶᠢᠨ ᠦᠶᠡᠰ ᠶᠠᠭ ᠢᠳᠠ ᠳᠡᠯᠭᠡᠷᠡᠵᠤ ᠪᠠᠢ᠌ᠭᠰᠠᠨ ᠮᠤᠩᠭ᠋ᠤᠯ ᠴᠢᠯᠦᠭᠡᠳᠤ ᠰᠢᠯᠦᠭ᠌ ᠤᠨ ᠨᠠᠢ᠌ᠳᠠᠮ ᠣᠠᠴᠠᠯᠢᠭ ᠭᠡᠭᠦ ᠳᠤ ᠰᠢᠨ᠎ᠡ ᠣᠷᠤᠰᠬᠠᠯ ᠢ ᠵᠤᠷᠢᠭ ᠲᠡᠶ ᠰᠤᠷᠢᠨ ᠦᠶ᠎ᠡ ᠵᠡᠷᠭᠡᠳᠡᠨ ᠶᠢᠡᠨ ᠨᠥᠯᠦᠭᠡᠯᠡᠵᠤ᠂ ᠰᠠᠨᠠᠭᠠᠴᠢᠯᠭ᠎ᠠ ᠲᠡᠶ ᠪᠠᠷ 《ᠳᠡᠭᠡᠳᠤ ᠮᠤᠩᠭ᠋ᠤᠯ ᠢᠷᠠᠭᠤ ᠨᠠᠢ᠌ᠷᠠᠭ》 ᠲᠤ ᠰᠢᠨ᠎ᠡ ᠳᠤᠷᠰᠢᠴᠠ ᠬᠠᠢ᠌ᠯᠳᠠ ᠭᠢᠵᠤ ᠪᠠᠢ᠌ᠭᠰᠠᠨ ᠪᠦᠳᠦᠭᠡᠯᠴᠢ ᠣᠷᠤᠯᠳᠤᠯᠭ᠎ᠠ ᠨᠢ ᠥᠨᠡᠯᠡᠭᠦᠰᠢᠳᠡᠢ᠃
ᠡᠢ᠌ᠮᠦᠷᠭᠦ ᠣᠯᠤᠰ ᠳᠠᠶᠠᠭᠠᠷ ᠲᠤ ᠢᠳᠠᠪᠭᠢᠳᠠᠢ ᠦᠷᠨᠢᠨ ᠪᠠᠢ᠌ᠭᠰᠠᠨ ᠴᠢᠯᠦᠭᠡᠳᠤ ᠰᠢᠯᠦᠭ᠌ ᠤᠨ ᠨᠥᠯᠦᠭᠡ ᠪᠠᠷ ᠶᠡᠷᠡᠭᠡᠳ ᠣᠨ ᠤ ᠡᠭᠢᠨ ᠶᠢᠡᠷ ᠰᠢᠯᠦᠭ᠌ ᠨᠠᠢ᠌ᠷᠠᠭ ᠣᠷᠤᠯᠳᠤᠵᠤ ᠪᠠᠢ᠌ᠭᠰᠠᠨ ᠵᠠᠯᠠᠭᠤᠰ ᠤᠨ ᠣᠯᠠᠩᠭᠢ ᠨᠢ ᠣᠯᠠᠮᠵᠢᠯᠠᠯᠳᠤ ᠮᠤᠩᠭ᠋ᠤᠯ ᠰᠢᠯᠦᠭ᠌ ᠤᠨ ᠪᠢᠴᠢᠯᠭᠡ ᠶᠢᠨ ᠠᠷᠭ᠎ᠠ ᠡᠴᠡ ᠠᠯᠢ ᠪᠣᠯᠬᠤ ᠪᠠᠷ ᠵᠡᠢ᠌ᠯᠡᠰᠭᠡᠵᠤ᠂ ᠣᠬᠠᠮᠰᠠᠷ ᠲᠡᠶ ᠪᠠᠷ ᠰᠢᠨ᠎ᠡ ᠳᠤᠷᠰᠢᠴᠠ᠂ ᠬᠠᠢ᠌ᠯᠳᠠ᠂ ᠡᠷᠢᠯᠭᠢᠯᠡᠯ ᠭᠢᠵᠤ ᠪᠠᠢ᠌ᠭᠰᠠᠨ ᠨᠢ ᠢᠯᠠ ᠮᠡᠳᠡᠭ᠍ᠳᠡᠨ᠎ᠡ᠃ ᠳᠡᠭᠡᠭᠦ ᠪᠠᠷ ᠵᠤᠭᠰᠤᠬᠤ ᠦᠭᠡᠶ ᠰᠠᠳᠤᠪ ᠤᠨ ᠭᠦᠷᠢᠶ᠎ᠡ ᠴᠠᠷ᠎ᠠ ᠳᠠᠯᠠᠷᠠᠨ ᠳᠡᠦᠭᠡ ᠰᠤᠶᠤᠯ᠂ ᠨᠤᠳᠤᠭ ᠪᠠᠯᠴᠢᠭᠡᠷ ᠤᠨ ᠡᠯᠡᠰᠦᠷᠭᠡᠭ᠍ᠵᠢᠯ᠂ ᠭᠡᠯᠡ ᠰᠤᠶᠤᠯ ᠤᠨ ᠬᠠᠮᠠᠭᠤᠷᠠᠯ ᠳᠤ ᠰᠠᠨᠠᠭᠠᠰᠢᠷᠠᠨ ᠵᠤᠪᠠᠨᠢᠭᠰᠠᠨ ᠭᠤᠨᠢᠭᠯᠠᠩᠭ᠋ᠤᠢ ᠠᠶᠠᠰ ᠪᠦᠭᠦᠢᠯᠡ ᠰᠢᠯᠦᠭ᠌ ᠲᠤ ᠨᠠᠪᠴᠢᠨ ᠣᠷᠤᠵᠤ᠂ ᠵᠥᠪᠭᠡᠨ ᠴᠠᠭ ᠦᠶ᠎ᠡ ᠭᠢᠭᠡᠳ ᠨᠡᠢ᠌ᠭᠡᠮ ᠤᠨ ᠭᠦᠭ᠍ᠵᠢᠯ ᠬᠤᠪᠢᠷᠠᠯ᠂ ᠡᠭᠡ ᠨᠤᠳᠤᠭ ᠤᠨ ᠥᠩᠭᠡ ᠦᠵᠡᠮᠵᠢ ᠵᠢᠴᠢ ᠠᠭᠤᠷᠬᠠᠢ ᠭᠠᠷᠤᠯᠳᠠ ᠶᠢᠨ ᠡᠯᠪᠠᠭ᠌ ᠪᠠᠶᠠᠨ ᠢ ᠮᠠᠭᠳᠠᠨ ᠣᠶᠠᠩᠭ᠋ᠠᠯᠠᠵᠤ ᠪᠠᠢ᠌ᠭᠰᠠᠨ ᠠᠩᠬᠠᠨ ᠤ ᠦᠶ᠎ᠡ ᠶᠢᠨ ᠣᠷᠮᠠᠰ ᠰᠡᠳᠬᠢᠯᠭᠡ ᠨᠠᠮ ᠳᠠᠷᠤᠭᠳᠠᠵᠠᠢ᠃ ᠶᠡᠷᠡᠭᠡᠳ ᠣᠨ ᠤ ᠰᠡᠭᠦᠯᠴᠢ ᠪᠠᠷ ᠬᠣᠢ᠌ᠨ᠎ᠠ ᠬᠣᠢ᠌ᠨ᠎ᠠ ᠡᠴᠡ ᠪᠠᠨ ᠭᠡᠪᠯᠡᠭ᠍ᠳᠡᠭ᠍ᠰᠡᠨ ᠬᠤᠪᠢ ᠭᠦᠮᠤᠨ ᠤ ᠰᠢᠯᠦᠭ᠌ ᠤᠨ ᠳᠡᠭᠦᠪᠦᠷᠢ ᠊᠊᠊᠊᠊᠊᠊᠊᠊᠊᠊᠊᠊᠊᠊ ᠴᠢ᠊·ᠳᠠᠯᠠᠢ ᠶᠢᠨ 《ᠥᠡᠳᠦᠷᠯᠢᠭ᠌ ᠡᠭᠡ ᠭᠢᠭᠡᠳ ᠨᠠᠷᠠ》᠂ ᠰᠡᠴᠠᠨᠭᠦ᠋ᠤ ᠶᠢᠨ 《ᠨᠠᠷᠠᠨ ᠳᠤ ᠤᠢ᠌ᠷᠠᠬᠠᠨ ᠭᠦᠳᠦᠯ》᠂ ᠪᠠᠶᠠᠨ ᠤ 《ᠰᠡᠳᠭᠢᠯ ᠳᠤ ᠱᠠᠭᠢᠭᠰᠠᠨ ᠪᠣᠷᠤᠭᠠᠨ》 (ᠳᠤᠰ ᠬᠤᠶᠠᠷ ᠰᠢᠯᠦᠭ᠌ ᠤᠨ ᠳᠡᠭᠦᠪᠦᠷᠢ ᠳᠤ ᠪᠢ ᠨᠢᠮᠭᠡᠨ ᠵᠠᠳᠠᠯᠤᠯᠳᠠ ᠭᠢᠵᠤ 《ᠠᠯᠳᠠᠨ ᠲᠦᠯᠭᠢᠭᠦᠷ》 ᠰᠡᠳᠭᠦᠯ ᠤᠨ 2012 ᠣᠨ ᠤ ᠭᠤᠷᠪᠠᠳᠤᠭᠠᠷ ᠬᠤᠭᠤᠴᠠᠭ᠎ᠠ ᠪᠣᠯᠤᠨ 2008 ᠣᠨ ᠤ ᠳᠠᠪᠣᠳᠤᠭᠠᠷ ᠬᠤᠭᠤᠴᠠᠭ᠎ᠠ ᠳᠤ ᠨᠡᠢ᠌ᠳᠡᠯᠡᠭᠦᠯᠵᠡᠢ᠃) ᠭᠦᠭᠡᠰᠢᠯᠢ ᠶᠢᠨ 《ᠵᠠᠪᠠᠭ ᠲᠤ ᠬᠠᠳᠠᠭᠠᠯᠠᠭᠰᠠᠨ ᠪᠦᠷᠦᠢ》᠂ ᠬᠢ᠊·ᠮᠥᠩᠭᠡᠪᠠᠶᠡᠷ ᠤᠨ 《ᠦᠳᠦᠨ ᠴᠠᠭᠠᠨ ᠪᠠᠯᠡᠭ᠌》᠂ ᠨᠡᠷᠡᠡᠵᠥᠭ᠌ ᠤᠨ 《ᠵᠡᠭᠦᠳᠦᠯᠡᠵᠤ ᠬᠤᠨᠤᠭᠰᠠᠨ ᠮᠦᠩᠭᠦᠨ ᠨᠠᠪᠴᠢ》 ᠵᠡᠷᠭᠡ ᠳᠤ ᠳᠡᠭᠡᠷᠡᠭᠢ ᠣᠠᠴᠠᠯᠢᠭ ᠰᠢᠠᠵᠢ ᠳᠤᠳᠤᠬᠠᠨ ᠬᠠᠷᠠᠭᠳᠠᠵᠤ ᠪᠣᠢ᠃
ᠢᠷᠠᠭᠤ ᠨᠠᠢ᠌ᠷᠠᠭᠴᠢ ᠭᠦᠭᠡᠰᠢᠯᠢ ᠡᠴᠡ《ᠭᠠᠰ ᠤᠨ ᠴᠠᠭᠠᠨ ᠳᠠᠷᠠᠰᠤᠨ》 ᠭᠡᠮᠡᠭᠦ ᠰᠢᠯᠦᠭ᠌ ᠲᠤ ᠪᠠᠨ 《ᠰᠠᠯᠬᠤ ᠦᠶ᠎ᠡ ᠶᠢᠨ ᠨᠢᠯᠪᠣᠰᠤ /ᠪᠣᠴᠠᠬᠤ ᠦᠶ᠎ᠡ ᠶᠢᠨ ᠳᠠᠩᠭ᠋ᠠᠷᠢᠭ / ᠬᠠᠭᠠᠴᠠᠬᠤ ᠦᠶ᠎ᠡ ᠶᠢᠨ ᠰᠢᠷᠤᠢ / ᠰᠠᠨᠠᠬᠤ ᠦᠶ᠎ᠡ ᠶᠢᠨ ᠠᠯᠳᠠ》 ᠭᠡᠵᠤ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠳᠤ ᠭᠠᠷᠳᠠᠭ 《ᠭᠠᠰ ᠤᠨ ᠴᠠᠭᠠᠨ ᠳᠠᠷᠠᠰᠤᠨ》 ᠳ᠋ᠤ ᠳᠡᠦᠭᠡ ᠦᠨᠡᠨ ᠤ ᠬᠠᠷᠠᠭᠠᠰᠤ ᠡᠴᠡ ᠭᠡᠳᠡᠷᠭᠦ ᠳᠤᠩᠭ᠋ᠠᠭᠠᠯᠳᠠ ᠭᠢᠵᠤ᠂ ᠨᠤᠳᠤᠭ ᠡᠴᠡ ᠪᠠᠨ ᠭᠦᠭᠡᠭᠡᠭ᠍ᠳᠡᠭᠡᠳ ᠰᠢᠬᠠᠭᠳᠠᠭᠠᠤᠨ ᠭᠠᠷᠬᠤ ᠦᠶ᠎ᠡ ᠶᠢᠨ ᠭᠦᠡᠳᠤ ᠭᠡᠴᠡᠭᠦᠤ ᠬᠠᠷᠠᠮᠰᠠᠯ ᠤᠨ ᠰᠡᠳᠬᠢᠯᠭᠡ ᠶᠢ ᠶᠠᠭ ᠦᠪᠡᠷ ᠶᠢᠡᠨ ᠥᠩᠭᠡᠷᠡᠭᠦᠯᠦᠭ᠍ᠰᠡᠨ ᠰᠢᠭ᠌ ᠭᠤᠮᠤᠳᠠᠨ ᠭᠤᠳᠤᠷᠠᠨ ᠰᠢᠯᠦᠭᠯᠡᠵᠤ ᠪᠠᠢ᠌ᠨ᠎ᠠ᠃ ᠳᠡᠦᠭᠡ ᠶᠢᠨ ᠵᠤᠷᠢᠭ ᠰᠠᠨᠠᠭ᠎ᠠ᠂ ᠬᠠᠷᠠᠮᠰᠠᠯ ᠭᠡᠮᠰᠢᠯ᠂ ᠣᠰᠤᠯ ᠡ᠊ᠨᠳᠡᠭ᠍ᠳᠡᠯ ᠢ ᠳᠠᠭᠢᠨ ᠥᠵᠡᠭᠦᠯᠤᠨ ᠣᠶᠤᠠᠴᠢ ᠳᠤᠩᠭ᠋ᠠᠭᠠᠯᠳᠠ ᠭᠢᠵᠤ᠂ ᠦᠨᠳᠦᠰᠦᠳᠠᠨ ᠤ ᠦᠪᠡᠷ ᠪᠠᠶ᠎ᠠ ᠳᠡᠭᠡᠷ᠎ᠡ ᠨᠠᠭᠠᠯᠳᠤᠨ ᠪᠠᠢ᠌ᠭ᠎ᠠ ᠭᠡᠮ ᠠᠯᠳᠠᠭᠳᠠᠯ ᠢ ᠳᠠᠨᠢᠭᠤᠯᠬᠤ ᠭᠡᠰᠡᠨ ᠣᠬᠠᠮᠰᠠᠷᠳᠤ ᠣᠷᠤᠯᠳᠤᠯᠭ᠎ᠠ ᠭᠤᠤᠯ ᠣᠷᠤᠰᠬᠠᠯ ᠪᠣᠯᠵᠤ ᠪᠣᠢ᠃ ᠢᠷᠠᠭᠤ ᠨᠠᠢ᠌ᠷᠠᠭᠴᠢ ᠨᠡᠷᠡᠡᠵᠥᠭ᠌ ᠤᠨ 《ᠡᠯᠢᠭᠡ ᠬᠠᠯᠠᠭᠤᠨ ᠳᠡᠭᠡᠳᠤ ᠮᠤᠩᠭ᠋ᠤᠯ ᠮᠢᠨᠢ》 ᠭᠡᠭᠦ ᠰᠢᠯᠦᠭ᠌ ᠲᠤ 《ᠰᠠᠢ᠌ᠬᠠᠨ ᠪᠦᠭᠦᠨ ᠢ ᠴᠢᠨᠢ ᠭᠦᠭᠡᠷᠭᠡᠳᠡᠵᠤ / ᠰᠠᠠᠰᠠᠷ ᠲᠤ ᠴᠢᠮ᠎ᠠ ᠨᠢᠰᠭᠡᠭᠦ ᠳᠤᠷ᠎ᠠ ᠦᠭᠡᠶ / ᠮᠠᠭᠤᠬᠠᠢ ᠪᠦᠭᠦᠨ ᠢ ᠴᠢᠨᠢ ᠭᠦᠭᠡᠷᠦᠭᠦᠢᠯᠡᠵᠤ / ᠪᠣᠰᠤᠳ ᠲᠤ ᠴᠢᠮ᠎ᠠ ᠬᠤᠳᠠᠯᠳᠤᠬᠤ ᠰᠠᠨᠠᠭ᠎ᠠ ᠦᠭᠡᠶ / ᠳᠡᠭᠡᠳᠤ ᠮᠤᠩᠭ᠋ᠤᠯ ᠮᠢᠨᠢ》 ᠭᠡᠰᠡᠨ ᠪᠣᠷᠤᠭᠵᠢᠭᠤᠨ ᠭᠦᠦᠷᠨᠢᠯ ᠪᠣᠢ᠃ ᠰᠠᠢ᠌ᠬᠠᠨ ᠶᠢᠡᠨ ᠪᠠᠷᠳᠠᠮᠨᠠᠭᠠᠤᠨ ᠮᠠᠭᠤᠬᠠᠢ ᠪᠠᠨ ᠨᠢᠭᠤᠳᠠᠭ ᠴᠠᠭ ᠨᠡᠢ᠌ᠭᠡᠮ ᠤᠨ ᠨᠠᠵᠠᠭᠠᠢ ᠰᠤᠷᠳᠠᠯ ᠢ ᠳᠤᠭᠤᠰᠤ ᠮᠠᠨᠠᠷᠠᠳᠠᠯ᠎ᠠ ᠰᠠᠪᠠᠵᠤ ᠪᠠᠢ᠌ᠨ᠎ᠠ᠃ ᠵᠢᠩᠭᠢᠨᠢ ᠰᠠᠢ᠌ᠨ ᠢᠷᠠᠭᠤ ᠨᠠᠢ᠌ᠷᠠᠭ ᠭᠡᠭ᠍ᠴᠢ ᠴᠠᠭ ᠨᠡᠢ᠌ᠭᠡᠮ ᠤᠨ ᠬᠤᠭᠤᠰᠤᠨ ᠮᠠᠭᠳᠠᠭᠠᠯ ᠳᠠᠳᠤᠢ ᠪᠢᠰᠢ᠂ ᠬᠠᠷᠢᠨ ᠭᠡᠳᠡᠷᠭᠦ ᠦᠪᠡᠷ ᠢ ᠪᠠᠨ ᠬᠠᠷᠠᠬᠤ ᠳᠤᠯᠢ ᠪᠠᠢ᠌ᠬᠤ ᠶᠤᠰᠤᠳᠠᠢ ︕ ᠢᠷᠠᠭᠤ ᠨᠠᠢ᠌ᠷᠠᠭᠴᠢ ᠶ·ᠳᠦᠪᠰᠢᠠᠪᠠᠶᠠᠷ ᠤᠨ 《ᠪᠠᠶᠠᠨ ᠭᠤᠤᠯ ᠮᠢᠨᠢ》 ᠭᠡᠭᠦ ᠰᠢᠯᠦᠭ᠌ ᠲᠤ 《ᠪᠠᠶᠠᠨ ᠭᠤᠤᠯ ᠮᠢᠨᠢ ᠡ ︕ / ᠰᠢᠷᠬᠠᠨ ᠤ ᠴᠢᠨᠢ / ᠬᠠᠮᠤᠭ ᠡᠮᠵᠡᠭ᠌ ᠰᠤᠷᠪᠢ / ᠰᠤᠬᠤᠷ ᠪᠠᠯᠠᠢ ᠣᠨ ᠵᠢᠯ ᠪᠢᠯᠠ》 ᠭᠡᠮᠡᠭᠦ ᠮᠦᠷ ᠪᠣᠢ᠃ ᠡᠮᠵᠡᠭ᠌ ᠮᠡᠳᠡᠷᠡᠭᠦᠢ᠂ ᠡᠴᠢᠨ᠎ᠡ ᠰᠢᠷᠬᠠᠯᠠᠯ ᠨᠢ ᠣᠩᠰᠢᠭᠴᠢᠳ ᠶᠢᠡᠨ ᠨᠥᠯᠦᠭᠡᠯᠡᠨ ᠶᠠᠭᠤ ᠨᠢᠭᠡ ᠶᠢ ᠪᠣᠳᠤᠭᠤᠯᠤᠨ᠎ᠠ᠃ ᠭᠦᠮᠤᠨ ᠪᠦᠭᠦᠨ ᠶ·ᠳᠦᠪᠰᠢᠠᠪᠠᠶᠠᠷ ᠰᠢᠭ᠌ ᠦᠪᠡᠷ ᠪᠢ᠂ ᠦᠨᠳᠦᠰᠦᠳᠠᠨ ᠤ ᠣᠬᠠᠮᠰᠠᠷ ᠳᠡᠭᠡᠷ᠎ᠡ ᠣᠷᠤᠰᠢᠵᠤ ᠪᠠᠢ᠌ᠭ᠎ᠠ ᠨᠠᠵᠠᠭᠠᠢ ᠰᠤᠷᠳᠠᠯ ᠢ ᠨᠠᠢ᠌ᠷᠠᠭ ᠤᠨ ᠳᠠᠰᠢᠭᠤᠷ ᠶᠢᠡᠷ ᠳᠠᠰᠢᠭᠤᠷᠳᠠᠵᠤ ᠴᠢᠳᠠᠪᠠᠯ ᠰᠠᠶᠢ ᠪᠢᠷ ᠪᠠᠷᠢᠭᠰᠠᠨ ᠤ ᠦᠨ᠎ᠡ ᠪᠠᠨ ᠣᠯᠵᠤ ᠪᠠᠢ᠌ᠬᠤ ᠨᠢ ᠳᠠᠷᠠ᠃
《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠳᠤᠮᠳᠠᠴᠢ ᠦᠶ᠎ᠡ ᠶᠢᠨ ᠰᠢᠯᠦᠭ᠍ᠴᠢᠳ ᠤᠨ ᠢᠯᠡᠷᠭᠡᠢ ᠨᠢᠭᠡᠨ ᠥᠨᠡᠯᠡᠭᠦᠰᠢᠳᠡᠢ ᠳᠠᠯ᠎ᠠ ᠭᠡᠪᠠᠯ ᠣᠳᠤ ᠪᠣᠯᠳᠠᠯ᠎ᠠ ᠪᠠᠷᠤᠭ ᠪᠦᠭᠦᠨ ᠶᠢᠡᠷ ᠶᠢᠡᠨ ᠪᠢᠷ ᠶᠢᠡᠨ ᠬᠠᠶᠠᠯ ᠦᠭᠡᠶ ᠰᠢᠯᠦᠭ᠌ ᠨᠠᠢ᠌ᠷᠠᠭ ᠶᠢᠡᠨ ᠣᠷᠤᠯᠳᠤᠭᠰᠠᠭᠠᠷ ᠪᠣᠢ᠃ ᠡ᠊ᠨᠳᠡ ᠣᠠᠴᠠᠯᠠᠨ ᠳᠡᠮᠳᠡᠭᠯᠡᠭᠦᠰᠢᠳᠡᠢ ᠣᠴᠢᠷ ᠭᠡᠪᠠᠯ ᠮᠤᠩᠭ᠋ᠤᠯ ᠶᠢᠡᠷ ᠪᠢᠴᠢᠵᠤ ᠪᠠᠢ᠌ᠭᠰᠠᠨ ᠡᠴᠡ ᠪᠠᠨ ᠰᠢᠭᠤᠳ ᠭᠢᠳᠠᠤᠨ ᠭᠡᠯᠡ ᠪᠠᠷ ᠳᠤᠷᠰᠢᠨ ᠪᠢᠴᠢᠭᠦ ᠪᠣᠶᠤ ᠡᠰᠡᠭᠦᠯ᠎ᠡ ᠮᠤᠩᠭ᠋ᠤᠯ ᠭᠢᠳᠠᠤᠨ ᠬᠤᠤᠰ ᠭᠡᠯᠡ ᠪᠠᠷ ᠵᠡᠷᠭᠡ ᠣᠷᠤᠯᠳᠤᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠶ᠋ᠢᠡᠨ ᠨᠠᠩ ᠦᠷᠭᠡᠨ ᠭᠡᠪᠴᠢᠶᠡᠨ ᠳᠤ ᠣᠬᠠᠭᠠᠭᠤᠯᠬᠤ᠂ ᠳᠠᠨᠢᠭᠤᠯᠬᠤ᠂ ᠰᠤᠷᠳᠠᠯᠴᠢᠯᠠᠬᠤ ᠠᠵᠢᠯ ᠳᠤ ᠣᠷ᠎ᠠ ᠴᠢᠳᠠᠪᠣᠷᠢ᠂ ᠪᠢᠯᠢᠭ᠌ ᠠᠪᠢᠶᠠᠰ ᠶᠢᠡᠨ ᠰᠤᠷᠢᠵᠤ ᠡᠭᠢᠯᠡᠪᠡ᠃ ᠰᠢᠯᠦᠭ᠌ ᠨᠢ ᠶᠠᠪᠣᠬᠤ ᠳᠤᠰᠤᠮ ᠪᠣᠯᠪᠠᠰᠤᠷᠠᠨ ᠭᠠᠷᠰᠢᠵᠤ᠂ ᠶᠢᠷᠳᠢᠠᠴᠤ ᠶᠢᠨ ᠳᠤᠬᠠᠢ ᠦᠵᠡᠯᠳᠠ᠂ ᠦᠨᠳᠦᠰᠦᠳᠠᠨ ᠭᠢᠭᠡᠳ ᠦᠪᠡᠷ ᠪᠢ ᠶᠢᠨ ᠳᠤᠬᠠᠢ ᠳᠠᠨᠢᠯᠳᠠ᠂ ᠠᠮᠢᠳᠤᠷᠠᠬᠤᠢ ᠶᠢᠨ ᠣᠬᠠᠭᠠᠨ᠂ ᠭᠤᠸ᠎ᠠ ᠮᠡᠳᠡᠷᠡᠭᠦᠢ᠂ ᠣᠷᠮᠠᠰ ᠰᠡᠳᠬᠢᠯᠭᠡ ᠳᠤ ᠳᠤᠩ ᠶᠡᠭᠡ ᠬᠤᠪᠢᠷᠠᠯᠳᠠ ᠭᠠᠷᠴᠤ ᠨᠠᠩ ᠭᠦᠨ᠂ ᠨᠢᠭᠤᠴᠠᠯᠢᠭ᠂ ᠪᠣᠳᠤᠯᠢᠶᠠᠠᠳᠠᠢ ᠵᠣᠢ᠌ᠯ ᠣᠷᠤᠭᠤ ᠵᠤᠷᠢᠯᠭ᠎ᠠ ᠲᠡᠶ ᠭᠠᠷ ᠳᠦᠷᠦᠭᠦ ᠪᠣᠯᠤᠭᠰᠠᠨ ᠪᠠᠢ᠌ᠨ᠎ᠠ᠃ ᠡᠭᠦᠨ ᠳᠤ ᠬᠢ᠊·ᠮᠥᠩᠭᠡᠪᠠᠶᠡᠷ ᠤᠨ 《ᠬᠠᠷ᠎ᠠ ᠨᠢᠳᠤᠨ ᠴᠢ ᠮᠢᠨᠢ᠂ ᠬᠠᠮᠢᠭ᠎ᠠ ᠪᠠᠢ᠌ᠨ᠎ᠠ》 (《ᠴᠡᠴᠡᠭ᠍ᠳᠤ ᠴᠠᠢ᠌ᠳᠠᠮ》 2001 ᠣᠨ)᠂ ᠨ·ᠴᠡᠯᠡᠭᠡᠷ ᠤᠨ 《ᠨᠡᠭᠦᠳᠡᠯ ᠤᠨ ᠮᠦᠷ》 (ᠨ·ᠴᠡᠯᠡᠭᠡᠷ ᠤᠨ ᠰᠢᠯᠦᠭ᠌ ᠤᠨ ᠳᠤᠬᠠᠢ ᠪᠢ 《ᠠᠯᠳᠠᠨ ᠲᠦᠯᠭᠢᠭᠦᠷ》 ᠰᠡᠳᠭᠦᠯ ᠤᠨ 2010 ᠣᠨ ᠤ 2 ᠳ᠋ᠤᠭᠠᠷ ᠬᠤᠭᠤᠴᠠᠭᠠᠨ ᠳᠡᠭᠡᠷ᠎ᠡ ᠦᠨᠡᠯᠠᠵᠤ ᠥᠩᠭᠡᠷᠡᠵᠡᠢ)᠃ ᠪᠠ᠊·ᠪᠠᠯᠮᠠᠳᠤᠷᠵᠢ ᠶᠢᠨ 《ᠨᠢᠭᠤᠴᠠ ᠳᠤᠪᠴᠢᠶᠠᠨ ᠤ ᠦᠷᠭᠦᠯᠵᠢᠯᠡᠯ》 (《ᠦᠨᠢᠷ ᠴᠡᠴᠡᠭ᠌》 2008 ᠣᠨ) ᠯ·ᠣᠳᠤᠨ ᠤ 《ᠮᠤᠩᠭ᠋ᠤᠯ ᠤᠨ ᠥᠡᠳᠦᠷᠯᠢᠭ᠌》 (《ᠦᠨᠢᠷ ᠴᠡᠴᠡᠭ᠌》 2009 ᠣᠨ 2) ᠵᠡᠷᠭᠡ ᠪᠦᠳᠦᠭᠡᠯ ᠢ ᠳᠤᠷᠠᠳᠴᠤ ᠪᠣᠯᠬᠤ ᠶᠤᠮ᠃
ᠢᠷᠠᠭᠤ ᠨᠠᠢ᠌ᠷᠠᠭᠴᠢ ᠬᠢ᠊·ᠮᠥᠩᠭᠡᠪᠠᠶᠡᠷ ᠡᠴᠡ 《ᠬᠠᠷ᠎ᠠ ᠨᠢᠳᠤᠨ ᠴᠢ ᠮᠢᠨᠢ᠂ ᠬᠠᠮᠢᠭ᠎ᠠ ᠪᠠᠢ᠌ᠨ᠎ᠠ》 ᠭᠡᠭᠦ ᠰᠢᠯᠦᠭ᠌ ᠲᠤ ᠪᠠᠨ 《ᠦᠳᠡᠰᠢ ᠶᠢᠨ ᠪᠦᠷᠦᠢ ᠶᠢ ᠬᠤᠮᠢᠨ ᠢᠷᠠᠵᠤ / ᠦᠷ᠎ᠡ ᠪᠠᠨ ᠪᠦᠪᠠᠢ᠌ᠯᠠᠨ ᠣᠠᠳᠠᠭᠤᠯᠳᠠᠭ / ᠬᠠᠷ᠎ᠠ ᠨᠢᠳᠤᠨ ᠴᠢ ᠮᠢᠨᠢ᠂ ᠬᠠᠮᠢᠭ᠎ᠠ ᠪᠠᠢ᠌ᠨ᠎ᠠ》 ᠭᠡᠮᠡᠭᠦ ᠰᠢᠨᠡᠷᠭᠡᠭ᠌ ᠮᠦᠷ ᠢ ᠰᠠᠳᠭᠢᠮᠵᠢᠯᠠᠯᠠ᠃ ᠦᠳᠡᠰᠢ ᠶᠢᠨ ᠪᠦᠷᠦᠢ ᠶᠢ ᠳᠠᠷᠠ ᠶᠤᠰᠤᠭᠠᠷ ᠨᠢ ᠬᠤᠮᠢᠨ ᠢᠷᠡᠳᠡᠭ᠌ ᠪᠦᠰᠡᠭᠦᠢ ᠭᠦᠮᠤᠨ ᠤ ᠦᠷ᠎ᠡ ᠳᠤ ᠪᠠᠨ ᠳᠡᠮᠡᠤᠯᠡᠭᠦ ᠬᠠᠢ᠌ᠷ᠎ᠠ ᠶᠢ ᠶᠠᠮᠠᠷ ᠰᠠᠢ᠌ᠬᠠᠨ ᠳᠦᠷᠰᠦᠯᠡᠭ᠍ᠰᠡᠨ ᠭᠡᠵᠤ ᠰᠠᠨᠠᠨ᠎ᠠ᠃ ᠳᠠᠯᠳᠠ ᠠᠳᠠᠯ᠎ᠠ ᠢᠯᠠ᠂ ᠨᠢᠭᠤᠴᠠᠯᠢᠭ ᠭᠡᠳᠡᠯ᠎ᠡ ᠳᠤᠳᠤ ᠡᠢ᠌ᠮᠦᠷᠭᠦ ᠣᠶᠤᠠᠯᠢᠭ ᠨᠠᠷᠢᠨ ᠮᠠᠳᠠᠷᠠᠮᠵᠢ ᠨᠢ ᠰᠢᠯᠦᠭ᠌ ᠶᠢᠡᠨ ᠨᠠᠩ ᠭᠤᠶᠤ ᠭᠡᠭᠡᠡᠴᠢᠷ ᠪᠣᠯᠭᠠᠵᠠᠢ᠃
ᠪᠠ᠊·ᠪᠠᠯᠮᠠᠳᠤᠷᠵᠢ ᠪᠣᠯ ᠶᠤ᠋·ᠮᠥᠩᠭᠡᠪᠠᠭᠡᠳᠦᠷ ᠤᠨ ᠳᠠᠷᠠᠭ᠎ᠠ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠳᠠᠪᠴᠠᠩ ᠳᠡᠭᠡᠷ᠎ᠡ ᠠᠭᠠᠵᠢᠮ ᠶᠢᠡᠷ ᠴᠤᠯᠭᠤᠷᠠᠨ ᠭᠠᠷᠤᠭᠰᠠᠨ ᠮᠠᠯᠴᠢᠨ ᠰᠢᠯᠦᠭ᠍ᠴᠢᠨ ᠶᠤᠮ᠃ ᠣᠢ᠌ᠭ᠎ᠠ ᠦᠭᠡᠶ ᠣᠷᠤᠯᠳᠤᠯᠭ᠎ᠠ᠂ ᠬᠠᠯᠠᠭᠤᠨ ᠣᠷᠮᠠᠰ᠂ ᠦᠪᠡᠷ ᠪᠢ ᠪᠠᠨ ᠳᠠᠪᠠᠬᠤ ᠭᠡᠰᠡᠨ ᠬᠠᠳᠠᠭᠤ ᠴᠢᠷᠮᠠᠢ᠌ᠯᠭ᠎ᠠ ᠨᠢ ᠳᠠᠷᠠ ᠭᠤᠸᠠᠢ ᠶᠢ ᠠᠮᠵᠢᠯᠳᠠ ᠡᠴᠡ ᠠᠮᠵᠢᠯᠳᠠ ᠵᠥᠭ᠌ ᠭᠦᠳᠦᠯᠦᠭ᠍ᠰᠡᠭᠡᠷ ᠪᠠᠢ᠌ᠨ᠎ᠠ᠃ ᠳᠡᠭᠦᠨ ᠤ ᠶᠡᠷᠡᠭᠡᠳ ᠣᠨ ᠤ ᠡᠭᠢᠨ ᠤ ᠰᠢᠯᠦᠭ᠌ ᠲᠤ ᠢᠯᠠ ᠣᠶᠠᠩᠭ᠋ᠠᠯᠠᠯ᠂ ᠰᠢᠭᠤᠳ ᠭᠦᠦᠷᠨᠢᠯ ᠤᠨ ᠬᠠᠵᠠᠭᠤ ᠪᠠᠷ ᠴᠢᠯᠦᠭᠡᠳᠤ ᠰᠢᠯᠦᠭ᠌ ᠤᠨ ᠥᠩᠭᠡ ᠪᠣᠳᠤᠭ ᠮᠠᠷ ᠮᠠᠷ ᠬᠠᠷᠠᠭᠳᠠᠵᠤ ᠪᠠᠢ᠌ᠭᠰᠠᠨ ᠪᠣᠯ ᠰᠢᠨ᠎ᠡ ᠵᠠᠭᠤᠨ ᠳᠤ ᠣᠷᠤᠵᠤ ᠢᠷᠡᠭᠡᠳ ᠪᠢᠴᠢᠭ᠍ᠰᠡᠨ ᠰᠢᠯᠦᠭ᠌ ᠨᠢ ᠤᠳᠬ᠎ᠠ ᠰᠡᠳᠦᠪᠯᠡᠭᠦᠨ ᠭᠦᠨ᠂ ᠢᠯᠡᠳᠭᠡᠭᠦ ᠠᠷᠭ᠎ᠠ ᠶᠢᠨ ᠬᠤᠪᠢ ᠳᠤ ᠰᠢᠨᠡᠷᠭᠡᠭ᠌ ᠰᠡᠪᠠᠭᠦᠨ ᠪᠣᠯᠵᠤ ᠬᠤᠪᠢᠷᠠᠭᠰᠠᠨ ᠪᠠᠢ᠌ᠨ᠎ᠠ᠃ ᠳᠠᠷᠠ ᠭᠤᠸᠠᠢ 《ᠠᠳᠤᠭᠤ ᠨᠢ ᠴᠥᠭᠡᠷᠡᠭ᠍ᠰᠡᠨ ᠳᠠᠯ᠎ᠠ》 ᠭᠡᠮᠡᠭᠦ ᠰᠢᠯᠦᠭ᠌ ᠲᠤ ᠪᠠᠨ 《ᠠᠳᠠᠷ ᠤᠨ ᠡᠯᠢᠭᠡ / ᠠᠶᠠᠭᠠᠨ ᠳᠤᠭᠤᠷᠠᠢ ᠪᠠᠨ ᠠᠯᠳᠠᠵᠤ / ᠠᠷᠭᠠᠮᠵᠢᠶ᠎ᠠ ᠨᠢ ᠳᠠᠰᠤᠷᠠᠭᠰᠠᠨ ᠭᠠᠳᠠᠰᠤᠨ ᠳᠡᠭᠡᠷ᠎ᠡ / ᠦᠨᠦᠴᠢᠨ ᠵᠡᠭᠦᠳᠤ ᠮᠢᠨᠢ ᠭᠦᠷᠳᠡᠯ᠎ᠡ ᠪᠦᠳᠦᠷᠢᠵᠤ ᠤᠢ᠌ᠴᠢᠨᠠ》 ᠭᠡᠮᠡᠨ ᠰᠢᠯᠦᠭᠯᠡᠭ᠍ᠰᠡᠨ ᠨᠢ ᠪᠣᠢ᠃ ᠡ᠊ᠨᠳᠡ ᠡᠵᠡᠨ ᠭᠦᠮᠤᠨ ᠤ ᠣᠬᠠᠮᠰᠠᠷᠳᠤ ᠰᠡᠳᠬᠢᠯᠭᠡ᠂ ᠡᠷ᠎ᠡ ᠭᠦᠮᠤᠨ ᠤ ᠬᠦᠩᠭᠡᠨ ᠬᠠᠷᠠᠮᠰᠠᠯ ᠰᠢᠯᠦᠭ᠌ ᠤᠨ ᠰᠠᠨᠠᠭ᠎ᠠ ᠪᠠᠨ ᠠᠮᠢᠯᠠᠭᠤᠯᠤᠨ ᠪᠣᠰᠬᠠᠵᠤ ᠭᠤᠨᠢᠭᠯᠢᠭ ᠥᠩᠭᠡ ᠣᠷᠤᠭᠤᠯᠵᠠᠢ᠃ ᠭᠠᠭᠴᠠᠬᠦ ᠡᠢ᠌ᠮᠤ ᠠᠮᠢᠳᠤᠷᠠᠯ ᠳᠤ ᠪᠠᠶ᠎ᠠ᠂ ᠰᠡᠳᠭᠢᠯ᠂ ᠵᠢᠷᠦᠭᠡ ᠪᠠᠷ ᠶᠢᠡᠨ ᠠᠭᠤᠰᠤᠨ ᠢᠳᠡᠭᠡᠰᠢᠵᠤ ᠶᠠᠪᠣᠭᠰᠠᠨ ᠨᠡᠭᠦᠳᠡᠯᠴᠢᠨ ᠤ ᠬᠣᠢ᠌ᠴᠢᠰ ᠲᠤ ᠯᠠ ᠪᠠᠢ᠌ᠳᠠᠭ ᠰᠤᠶᠤᠯ ᠰᠡᠳᠭᠢᠭᠦᠢ ᠶᠢᠨ ᠣᠠᠴᠠᠭᠠᠢ ᠮᠠᠳᠠᠷᠠᠮᠵᠢ ᠡ᠊ᠨᠳᠡ ᠪᠠᠶᠠᠯᠠᠯ ᠶᠢᠡᠨ ᠣᠯᠵᠤ᠂ ᠠᠷᠭᠠᠮᠵᠢᠶ᠎ᠠ ᠨᠢ ᠳᠠᠰᠤᠷᠠᠭᠰᠠᠨ ᠭᠠᠳᠠᠰᠤᠨ ᠳᠡᠭᠡᠷ᠎ᠡ ᠦᠨᠦᠴᠢᠨ ᠵᠡᠭᠦᠳᠤ ᠶᠢ ᠨᠢ ᠭᠦᠷᠳᠡᠯ᠎ᠡ ᠪᠦᠳᠦᠷᠢᠭᠡᠨ ᠤᠢ᠌ᠴᠢᠭᠤᠯᠬᠤ ᠳᠤ ᠭᠦᠷᠭᠡᠭᠦᠯᠦᠭ᠍ᠰᠡᠨ ᠪᠠᠢ᠌ᠨ᠎ᠠ᠃
ᠲ᠋ᠡᠭᠡᠳᠤ ᠮᠤᠩᠭ᠋ᠤᠯ ᠤᠨ ᠠᠩᠬᠠᠨ ᠤ ᠦᠶ᠎ᠡ ᠶᠢᠨ ᠠᠬᠠᠮᠠᠤᠨ ᠰᠢᠯᠦᠭ᠍ᠴᠢᠳ ᠤᠨ ᠰᠢᠭᠤᠳ ᠨᠥᠯᠦᠭᠡ ᠳᠠᠭᠠᠭᠤᠯᠭ᠎ᠠ ᠪᠠᠷ ᠦᠰᠤᠨ ᠪᠣᠢ᠌ᠵᠢᠭᠰᠠᠨ ᠳᠤᠮᠳᠠᠴᠢ ᠦᠶ᠎ᠡ ᠶᠢᠨ ᠰᠢᠯᠦᠭ᠍ᠴᠢᠳ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠰᠢᠨᠠᠴᠢᠯᠠᠯ ᠳᠤ ᠵᠤᠭᠢᠬᠤ ᠨᠥᠯᠦᠭᠡ ᠥᠵᠡᠭᠦᠯᠦᠭ᠍ᠰᠡᠨ ᠶᠢᠡᠷ ᠵᠤᠭᠰᠤᠬᠤ ᠦᠭᠡᠶ ᠰᠢᠨ᠎ᠡ ᠦᠶ᠎ᠡ ᠶᠢᠨ ᠢᠷᠠᠭᠤ ᠨᠠᠢ᠌ᠷᠠᠭᠴᠢᠳ ᠶᠢᠡᠨ ᠣᠷᠮᠠᠰᠢᠭᠤᠯᠤᠨ ᠳᠠᠭᠠᠭᠤᠯᠬᠤ ᠳᠤ ᠭᠦᠭᠦᠷᠭᠡ ᠶᠢᠨ ᠣᠢ᠌ᠯᠠᠳᠤᠯ ᠥᠵᠡᠭᠦᠯᠦᠭ᠍ᠰᠡᠨ ᠭᠡᠭᠦ ᠳᠤ ᠢᠯᠡᠭᠦᠳᠡᠭᠦ ᠭᠠᠵᠠᠷ ᠠᠯᠠᠭ᠎ᠠ᠃
ᠳᠦᠷᠪᠡ᠄ ᠰᠢᠨ᠎ᠡ ᠦᠶ᠎ᠡ ᠶᠢᠨ ᠢᠷᠠᠭᠤ ᠨᠠᠢ᠌ᠷᠠᠭ
ᠢᠷᠠᠭᠤ ᠨᠠᠢ᠌ᠷᠠᠭ ᠭᠡᠮᠡᠭ᠍ᠴᠢ ᠰᠡᠳᠭᠢᠯ ᠤᠨ ᠬᠤᠷ᠎ᠠ᠂ ᠣᠶᠤᠨ ᠤ ᠳᠤᠨᠤᠳᠠᠰᠤ ︕ ᠰᠢᠯᠦᠭ᠌ ᠨᠠᠢ᠌ᠷᠠᠭ ᠶᠢᠡᠷ ᠰᠡᠳᠭᠢᠯ ᠶᠢᠡᠨ ᠠᠷᠢᠭᠤᠰᠬᠠᠵᠤ᠂ ᠣᠶᠤᠨ ᠶᠢᠡᠨ ᠣᠮᠳᠠᠯᠠᠬᠤ ᠭᠡᠭ᠍ᠴᠢ ᠨᠢᠭᠡ ᠶᠤᠰᠤᠨ ᠤ ᠵᠢᠷᠭᠠᠯ ᠪᠣᠯᠠᠢ᠃ ᠰᠢᠨ᠎ᠡ ᠵᠠᠭᠤᠨ ᠤ ᠰᠢᠷᠭᠠᠯ ᠦᠷ ᠥᠡᠳᠦᠷᠯᠢᠭ᠌ ᠤᠨ ᠵᠤᠯᠠᠢ ᠦᠨᠦᠰᠤᠨ ᠥᠡᠳᠡᠢ᠌ᠭᠦ ᠲᠡᠶ ᠵᠡᠷᠭᠡ ᠡᠭᠡ ᠰᠤᠶᠤᠯ ᠤᠨ ᠠᠷᠢᠭᠤᠨ ᠰᠢᠮ᠎ᠠ ᠪᠠᠷ ᠳᠡᠩᠭᠡᠭᠡᠷᠡᠨ ᠪᠣᠢ᠌ᠵᠢᠭᠰᠠᠨ ᠨᠢᠭᠡ ᠪᠦᠯᠦᠭ᠌ ᠵᠠᠯᠠᠭᠤᠰ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠮᠥᠩᠭᠡ ᠳᠡᠭ᠍ᠷᠢ ᠳᠤ ᠪᠢᠯᠢᠭ᠌ ᠶᠢᠡᠨ ᠰᠤᠷᠢᠨ ᠳᠡᠭᠦᠯᠢᠨ ᠭᠠᠷᠴᠤ ᠢᠷᠠᠯ᠎ᠠ᠃ ᠨᠡᠢ᠌ᠭᠡᠮ ᠤᠨ ᠭᠦᠭ᠍ᠵᠢᠯᠳᠡ᠂ ᠰᠤᠶᠤᠯ ᠤᠨ ᠳᠦᠷᠢᠯᠳᠠ ᠨᠢ ᠨᠡᠭᠦᠳᠡᠯ ᠠᠮᠢᠳᠤᠷᠠᠯ ᠤᠨ ᠪᠠᠢ᠌ᠭᠠᠯᠢᠯᠢᠭ ᠰᠡᠳᠭᠢᠭᠦᠢ ᠲᠡᠶ ᠬᠠᠷᠰᠢᠯᠳᠤᠵᠤ᠂ ᠪᠠᠢ᠌ᠭᠠᠯᠢ ᠣᠷᠴᠢᠨ ᠭᠢᠭᠡᠳ ᠰᠤᠶᠤᠯ ᠤᠨ ᠠᠮᠢ ᠠᠬᠤᠢ ᠶᠢᠨ ᠪᠣᠭᠢᠷᠳᠤᠯ ᠨᠢ ᠡᠳᠡᠭᠡᠷ ᠵᠠᠯᠠᠭᠤᠰ ᠤᠨ ᠣᠶᠤᠠᠯᠢᠭ ᠮᠠᠳᠠᠷᠠᠮᠵᠢ ᠶᠢ ᠭᠦᠡᠳᠡᠨ ᠰᠤᠶᠤᠯᠯᠢᠭ ᠣᠬᠠᠮᠰᠠᠷ ᠢ ᠨᠢ ᠥᠳᠦᠭᠡᠨ ᠡᠮᠵᠡᠭᠯᠡᠭᠦᠯᠦᠭ᠍ᠰᠡᠨ ᠨᠢ ᠦᠵᠡᠳᠠᠯ᠎ᠠ ᠢᠯᠠ᠃ ᠠᠬᠠᠮᠠᠤᠨ᠂ ᠢᠳᠠᠷ ᠰᠢᠯᠦᠭ᠍ᠴᠢᠳ ᠤᠨ ᠶᠢᠡᠨ ᠠᠯᠳᠠᠨ ᠮᠦᠷ ᠢ ᠭᠢᠰᠭᠢᠨ ᠳᠠᠪᠢᠨ ᠭᠠᠷᠴᠤ ᠢᠷᠡᠭ᠍ᠰᠡᠨ ᠰᠢᠨ᠎ᠡ ᠭᠠᠷᠴᠤᠳ ᠮᠠᠨᠢ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠪᠦᠷᠢᠶᠡᠰᠤ ᠶᠢ ᠰᠢᠨᠡᠳᠭᠡᠨ ᠳᠤᠭᠤᠷᠭ᠎ᠠ ᠶᠢ ᠬᠠᠪᠣᠯᠴᠠᠯᠠ᠃ ᠦᠷᠭᠦᠯᠵᠢ ᠣᠷᠤᠯᠳᠤᠨ ᠨᠡᠢ᠌ᠭᠡᠮ ᠳᠡᠭᠡᠷ᠎ᠡ ᠵᠤᠭᠢᠬᠤ ᠨᠥᠯᠦᠭᠡ ᠲᠡᠶ ᠶᠠᠪᠣᠭ᠎ᠠ ᠳᠡᠭᠡᠳᠤ ᠮᠤᠩᠭ᠋ᠤᠯ ᠤᠨ ᠰᠢᠨ᠎ᠡ ᠦᠶ᠎ᠡ ᠶᠢᠨ ᠰᠢᠯᠦᠭ᠍ᠴᠢᠳ ᠡᠴᠡ ᠪᠠ᠊·ᠪᠦᠷᠭᠦᠤᠨ᠂ ᠬᠠᠰᠭᠢᠷᠤᠯ᠂ ᠪᠠ᠊·ᠷᠠ᠊·ᠡᠷᠳᠡᠨᠢᠮᠦ᠋ᠩᠭᠡ᠂ ᠯᠧ᠊·ᠮᠥᠩᠭᠡ᠂ ᠼ·ᠣᠯᠠᠭᠠ᠊ᠤ᠋ᠳᠤ᠂ ᠤᠯᠠᠭᠠᠡᠭᠡᠷᠡᠯ᠂ ᠳᠡᠯᠡᠢ᠌ᠭᠦ᠋ᠤ᠂ ᠡ᠊·ᠭᠦᠳᠡᠭᠡ᠂ ᠤᠳᠦᠡᠭᠦ᠋ᠤ᠂ ᠰᠢᠨᠠᠪᠣᠳᠤᠯ᠂ ᠮ·ᠰᠢᠪᠣᠰᠤᠨ᠂ ᠮᠦ᠋᠊·ᠠᠰᠬ᠎ᠠ ᠨᠡᠷ ᠢ ᠳᠤᠷᠠᠳᠴᠤ ᠪᠣᠯᠬᠤ ᠶᠤᠮ᠃ ᠡᠭᠦᠨ ᠡᠴᠡ ᠭᠠᠳᠠᠨ᠎ᠠ ᠪᠠᠰᠠ ᠨᠤᠮ ᠳᠠᠪᠳᠠᠷ ᠭᠡᠪᠯᠡᠭᠦᠯᠦᠭ᠍ᠰᠡᠨ᠂ ᠣᠳᠠᠭᠠᠨ ᠵᠢᠯ ᠪᠢᠷ ᠪᠠᠷᠢᠭᠰᠠᠨ ᠪᠣᠶᠤ ᠶᠠᠭ ᠪᠢᠷ ᠡᠭᠢᠯᠡᠨ ᠪᠠᠷᠢᠵᠤ ᠪᠠᠢ᠌ᠭ᠎ᠠ᠂ ᠮᠤᠩᠭ᠋ᠤᠯ ᠰᠦᠯᠵᠢᠶᠠᠨ ᠳᠡᠭᠡᠷ᠎ᠡ ᠡᠳᠦᠷ ᠠᠯᠤᠰᠯᠠᠨ ᠰᠢᠨ᠎ᠡ ᠪᠦᠳᠦᠭᠡᠯ ᠶᠢᠡᠨ ᠨᠠᠢ᠌ᠳᠠᠯᠠᠵᠤ ᠪᠠᠢ᠌ᠭ᠎ᠠ ᠪᠢᠯᠢᠭ᠌ ᠠᠪᠢᠶᠠᠰ ᠲᠡᠶ᠂ ᠰᠤᠶᠤᠯ ᠳᠤ ᠪᠠᠨ ᠬᠠᠢ᠌ᠷᠳᠠᠢ ᠣᠶᠤᠳᠠᠨ᠂ ᠺᠠᠳ᠋ᠷ᠂ ᠮᠠᠯᠴᠢᠨ ᠵᠠᠯᠠᠭᠤᠰ ᠭᠡᠰᠡᠭ᠌ ᠪᠠᠢ᠌ᠭ᠎ᠠ ᠶᠢ ᠡ᠊ᠨᠳᠡ ᠨᠢᠭᠡᠳ ᠨᠢᠭᠡ ᠪᠠᠷ ᠳᠡᠮᠳᠡᠭᠯᠡᠭ᠍ᠰᠡᠨ ᠦᠭᠡᠶ᠃ ᠭᠡᠪᠠᠴᠤ ᠨᠠᠯᠢᠶᠠᠤᠨ ᠣᠷᠣᠢ᠌ᠳᠠᠭᠠᠤᠨ ᠪᠢᠷ ᠪᠠᠷᠢᠭᠰᠠᠨ ᠳᠦᠭᠦᠷᠰᠦ᠋ᠷᠦᠩ ᠭᠤᠸᠠᠢ ᠪᠣᠯᠤᠨ ᠮᠠᠯᠴᠢᠨ ᠡᠪᠦᠭᠡᠨ ᠭᠤ᠋·ᠮᠥᠩᠭᠡ ᠬᠤᠶᠠᠷ ᠢ ᠳᠤᠷᠠᠳᠬᠤ ᠶᠤᠰᠤᠳᠠᠢ᠃ ᠡᠳᠡ ᠬᠤᠶᠠᠭᠤᠯᠠ ᠭᠡᠳᠥᠢᠪᠠᠷ ᠵᠢᠭᠠᠬᠠᠨ ᠣᠷᠣᠢ᠌ᠳᠠᠭᠠᠤᠨ ᠪᠢᠷ ᠪᠠᠷᠢᠭᠰᠠᠨ ᠪᠣᠯᠪᠠᠴᠤ ᠦᠨᠳᠦᠰᠦᠳᠠᠨ ᠭᠢᠭᠡᠳ ᠭᠡᠯᠡ ᠰᠤᠶᠤᠯ ᠳᠤ ᠪᠠᠨ ᠬᠠᠠᠳᠤᠭᠰᠠᠨ ᠬᠠᠷᠢᠭᠤᠴᠠᠯᠭᠠᠳᠤ ᠰᠡᠳᠬᠢᠯᠭᠡ ᠵᠢᠴᠢ ᠰᠤᠶᠤᠯ ᠤᠨ ᠵᠤᠷᠢᠭ ᠰᠠᠨᠠᠭ᠎ᠠ ᠶᠢ ᠨᠢ ᠣᠮᠳᠤᠭᠠᠢ᠌ᠯᠠᠵᠤ ᠦᠯᠦ ᠪᠣᠯᠤᠨ᠎ᠠ᠃ ᠳᠦᠭᠦᠷᠰᠦ᠋ᠷᠦᠩ ᠭᠤᠸᠠᠢ ᠳᠡᠭᠡᠳᠤ ᠮᠤᠩᠭ᠋ᠤᠯ ᠤᠨ ᠰᠢᠨ᠎ᠡ ᠦᠶ᠎ᠡ ᠶᠢᠨ ᠰᠢᠯᠦᠭ᠍ᠴᠢᠳ ᠡᠴᠡ ᠬᠤᠴᠤᠷᠤᠯ ᠦᠭᠡᠶ ᠮᠦᠷᠤ ᠵᠡᠷᠭᠡᠴᠡᠨ ᠪᠣᠰᠴᠤ᠂ ᠣᠬᠤᠷᠬᠠᠨ ᠭᠡᠳᠤᠨ ᠵᠢᠯ ᠤᠨ ᠬᠤᠭᠤᠷᠤᠠᠳᠤ ᠰᠢᠯᠦᠭ᠌ ᠨᠠᠢ᠌ᠷᠠᠭ ᠶᠢᠡᠷ ᠶᠢᠡᠨ ᠣᠩᠰᠢᠭᠴᠢᠳ ᠲᠡᠶ ᠪᠠᠨ ᠳᠠᠨᠢᠯᠴᠠᠭᠰᠠᠨ ᠪᠦᠭᠡᠳ ᠨᠢᠭᠡ ᠳᠤᠤᠷ᠎ᠠ ᠬᠤᠶᠠᠷ ᠴᠤ ᠨᠤᠮ ᠭᠡᠪᠯᠡᠭᠦᠯᠪᠡ᠃ ᠭᠢᠳᠠᠯ ᠠᠯᠳᠠᠬᠤ ᠳᠤ ᠪᠠᠨ ᠭᠢᠭ᠍ᠰᠡᠨ ᠢᠯᠡᠭᠦᠴᠡ ᠠᠵᠢᠯ ᠯᠠᠪ ᠪᠢᠰᠢ ᠡ᠂ ᠨᠢᠳᠤᠨ ᠡᠮᠤᠨ᠎ᠡ ᠨᠢ ᠥᠵᠡᠭ᠍ᠳᠡᠨ ᠪᠠᠢ᠌ᠭ᠎ᠠ ᠭᠡᠯᠡ ᠰᠤᠶᠤᠯ ᠤᠨ ᠬᠠᠮᠠᠭᠤᠷᠠᠯ᠂ ᠨᠤᠳᠤᠭ ᠪᠠᠯᠴᠢᠭᠡᠷ ᠤᠨ ᠪᠣᠭᠢᠷᠳᠤᠯ ᠳᠠᠷᠠ ᠭᠤᠸᠠᠢ ᠶᠢᠨ ᠰᠡᠳᠭᠢᠯ ᠣᠶᠤᠨ ᠡᠴᠡ ᠨᠢᠳᠤᠷᠤᠭᠠᠤᠨ ᠦᠨᠡᠨ ᠨᠠᠮ ᠰᠠᠭᠤᠯᠭᠠᠭᠰᠠᠨ ᠪᠠᠢ᠌ᠬᠤ ᠦᠭᠡᠶ᠃ ᠡ᠊ᠨᠳᠡ ᠮᠤᠩᠭ᠋ᠤᠯ ᠰᠤᠶᠤᠯ ᠤᠨ ᠡᠮᠤᠨ᠎ᠡ ᠡᠴᠡ ᠡᠳᠡᠨ ᠳᠤ ᠬᠠᠳᠠᠭ ᠪᠠᠷᠢᠵᠤ ᠪᠠᠢ᠌ᠨ᠎ᠠ᠃
ᠲ᠋ᠡᠭᠡᠳᠤ ᠮᠤᠩᠭ᠋ᠤᠯ ᠤᠨ ᠰᠢᠨ᠎ᠡ ᠢᠷᠠᠭᠤ ᠨᠠᠢ᠌ᠷᠠᠭ ᠤᠳᠬ᠎ᠠ ᠰᠡᠳᠦᠪᠯᠡᠭᠦᠨ᠂ ᠢᠯᠡᠳᠭᠡᠭᠦ ᠠᠷᠭ᠎ᠠ ᠪᠠᠷᠢᠯ᠂ ᠣᠷᠮᠠᠰ ᠰᠡᠳᠬᠢᠯᠭᠡ᠂ ᠣᠬᠠᠮᠰᠠᠷᠳᠤ ᠭᠦᠭᠡᠭᠡᠴᠡᠯᠳᠦᠯ ᠵᠢᠴᠢ ᠦᠪᠡᠷᠮᠢᠴᠠ ᠰᠤᠶᠤᠯ ᠰᠡᠳᠭᠢᠭᠦᠢ ᠶᠢᠨ ᠬᠤᠪᠢ ᠳᠤ ᠦᠪᠡᠷ ᠦᠪᠡᠷ ᠤᠨ ᠣᠠᠴᠠᠯᠢᠭ᠂ ᠦᠨᠦᠷ ᠠᠮᠳᠠ ᠲᠡᠶ ᠪᠣᠯᠤᠭᠰᠠᠨ ᠳᠠᠳᠤᠢ ᠦᠭᠡᠶ ᠦᠨᠳᠦᠰᠦᠳᠠᠨ ᠤ ᠬᠤᠪᠢ ᠵᠠᠶᠠᠭ᠎ᠠ᠂ ᠪᠣᠳᠠᠳᠤ ᠠᠬᠤᠢ᠂ ᠦᠪᠡᠷ ᠪᠢ ᠶᠢᠨ ᠣᠷᠤᠰᠢᠬᠤᠢ ᠶᠢᠨ ᠳᠤᠬᠠᠢ ᠰᠢᠨ᠎ᠡ ᠳᠠᠨᠢᠯᠳᠠ ᠲᠡᠶ ᠪᠣᠯᠵᠤ᠂ ᠭᠤᠳᠤᠷᠠᠯ ᠤᠨ ᠳᠤᠮᠳᠠ ᠡᠴᠡ ᠪᠠᠶᠠᠷ ᠪᠠᠶᠠᠰᠤᠯ᠂ ᠮᠤᠬᠤᠷᠳᠠᠯ ᠤᠨ ᠭᠦᠨ ᠡᠴᠡ ᠢᠳᠡᠭᠡᠯ ᠭᠦᠰᠡᠯ ᠤᠨ ᠭᠡᠷᠡᠯ ᠢ ᠣᠯᠬᠤ ᠭᠡᠮᠡᠨ ᠪᠢᠷ ᠪᠠᠷᠢᠭᠰᠠᠨ ᠨᠢ ᠬᠠᠢ᠌ᠷᠠᠯᠠᠯᠳᠠᠢ᠃ ᠰᠡᠳᠭᠢᠯ ᠤᠨ ᠳᠠᠷᠤᠭᠠᠰᠤ ᠨᠡᠮᠡᠭ᠍ᠳᠡᠨ ᠰᠤᠶᠤᠯ ᠤᠨ ᠳᠡᠨᠦᠭᠦᠴᠢᠯᠡᠯ ᠰᠢᠷᠦᠭᠦᠰᠭᠦ ᠶᠢ ᠳᠠᠭᠠᠯᠳᠤᠨ ᠣᠶᠤᠨ ᠤ ᠳᠤᠨᠤᠳᠠᠰᠤ ᠪᠣᠯᠤᠭᠰᠠᠨ ᠰᠢᠯᠦᠭ᠌ ᠨᠠᠢ᠌ᠷᠠᠭ ᠨᠢ ᠴᠤ ᠭᠢᠯᠢ ᠶᠢᠨ ᠳᠡᠭᠡᠰᠤ ᠣᠭᠳᠤᠯᠤᠨ ᠳᠡᠯᠡᠭᠡᠢ ᠶᠢᠨ ᠬᠠᠷᠠᠭᠠᠨ ᠳᠤ ᠳᠡᠯᠭᠡᠭ᠍ᠳᠡᠭᠦ ᠨᠥᠭᠦᠴᠡᠯ ᠪᠣᠯᠤᠮᠵᠢ ᠶᠢ ᠪᠣᠢ ᠪᠣᠯᠭᠠᠯ᠎ᠠ᠃
ᠵᠠᠯᠠᠭᠤ ᠢᠷᠠᠭᠤ ᠨᠠᠢ᠌ᠷᠠᠭᠴᠢ ᠪᠠ᠊·ᠪᠦᠷᠭᠦᠤᠨ ᠦᠪᠡᠷ ᠤᠨ ᠰᠢᠯᠦᠭ᠌ ᠨᠠᠢ᠌ᠷᠠᠭ ᠶᠢᠡᠷ ᠶᠢᠡᠨ ᠮᠤᠩᠭ᠋ᠤᠯ ᠣᠯᠤᠰ᠂ ᠳᠡᠯᠡᠭᠡᠢ ᠶᠢᠨ ᠰᠤᠨᠤᠷ ᠲᠤ ᠭᠦᠷᠳᠡᠯ᠎ᠡ ᠳᠠᠨᠢᠭᠳᠠᠭᠰᠠᠨ ᠶᠢᠡᠷ ᠵᠤᠭᠰᠤᠭᠰᠠᠨ ᠦᠭᠡᠶ 《ᠳᠡᠭᠡᠳᠤ ᠮᠤᠩᠭ᠋ᠤᠯ ᠢᠷᠠᠭᠤ ᠨᠠᠢ᠌ᠷᠠᠭ》 ᠶ᠋ᠢᠡᠨ ᠳᠡᠯᠡᠭᠡᠢ ᠨᠠᠢ᠌ᠳᠠ ᠳᠤ ᠳᠠᠨᠢᠭᠤᠯᠬᠤ ᠭᠡᠵᠤ ᠭᠡᠮᠵᠢᠶ᠎ᠡ ᠲᠡᠶ ᠴᠠᠭ ᠶᠢᠡᠨ ᠰᠢᠬᠠᠨ 《ᠳᠡᠭᠡᠳᠤ ᠮᠤᠩᠭ᠋ᠤᠯ ᠤᠨ ᠢᠷᠠᠭᠤ ᠳᠠᠭᠤᠨ》 (2006 ᠣᠨ) ᠭᠡᠮᠡᠭᠦ ᠺᠢᠷᠢᠯ ᠦᠰᠦᠭ᠌ ᠤᠨ ᠠᠩᠬᠠᠳᠤᠭᠴᠢ ᠨᠤᠮ ᠢ ᠭᠡᠪᠯᠡᠭᠦᠯᠤᠨ ᠳᠠᠷᠬᠠᠭᠠᠵᠤ᠂ ᠠᠷᠤ ᠮᠤᠩᠭ᠋ᠤᠯ ᠪᠣᠯᠤᠨ ᠳᠡᠭᠡᠳᠤ ᠮᠤᠩᠭ᠋ᠤᠯ ᠬᠤᠭᠤᠷᠤᠠᠳᠤ ᠪᠠᠨ ᠰᠤᠶᠤᠯ ᠤᠨ ᠰᠤᠯᠢᠯᠴᠠᠭ᠎ᠠ ᠦᠷᠨᠢᠭᠦᠯᠭᠦ ᠳᠤ ᠪᠣᠶᠠᠨ ᠤ ᠬᠠᠭᠠᠯᠭ᠎ᠠ ᠶᠢ ᠡᠭᠢᠯᠡᠨ ᠨᠡᠭᠡᠭᠡᠵᠡᠢ᠃
ᠪᠠ᠊·ᠪᠦᠷᠭᠦᠤᠨ ᠤᠨ ᠰᠢᠯᠦᠭ᠌ ᠨᠤᠳᠤᠭᠰᠢᠭ ᠪᠣᠷᠤᠭᠵᠢᠭᠤᠨ᠂ ᠭᠡᠯᠡ ᠬᠤᠷᠴᠠ᠂ ᠰᠠᠳᠭᠢᠮᠵᠢ ᠣᠷᠠᠨ᠂ ᠤᠶᠠᠩᠭ᠎ᠠ ᠰᠡᠳᠬᠢᠯᠭᠡ ᠪᠢᠯᠬᠠᠮ᠎ᠠ᠃ ᠳᠡᠭᠦᠨ ᠤ 《ᠣᠪ ᠣᠯᠠᠭᠠᠨ ᠰᠠᠷᠠᠨᠠᠢ》 (ᠺᠢᠷᠢᠯ ᠦᠰᠦᠭ᠌ ᠤᠨ) ᠭᠡᠭᠦ ᠰᠢᠯᠦᠭ᠌ ᠤᠨ ᠡᠭᠢᠨ ᠳᠤ 《ᠮᠢᠨᠤ ᠳᠦᠷᠦᠭ᠍ᠰᠡᠨ ᠨᠤᠳᠤᠭ ᠲᠤ / ᠣᠪ ᠣᠯᠠᠭᠠᠨ ᠰᠠᠷᠠᠨᠠᠢ ᠣᠷᠭᠤᠭ᠎ᠠ ᠦᠭᠡᠶ / ᠮᠢᠩᠭ᠋ᠠᠨ ᠴᠡᠴᠡᠭᠡᠰ ᠤᠨ ᠰᠤᠯᠤᠩᠭ᠋ᠠᠨ ᠳᠤᠮᠳᠠ / ᠭᠠᠭᠴᠠᠬᠠᠨ ᠥᠩᠭᠡ ᠨᠢᠭᠤᠭᠳᠠᠭ᠎ᠠ ᠦᠭᠡᠶ》 ᠭᠡᠮᠡᠭᠦ ᠪᠣᠷᠤᠭᠵᠢᠭᠤᠨ ᠣᠶᠠᠩᠭ᠋ᠠᠯᠠᠯ ᠪᠣᠢ᠃ ᠦᠩᠭᠡᠨ ᠳᠠᠯ᠎ᠠ ᠡᠴᠡ ᠨᠢ ᠠᠪᠤᠨ ᠥᠵᠡᠭᠦ ᠳᠤ ᠭᠡᠨ ᠴᠤ ᠭᠡᠳ ᠪᠢᠴᠢᠴᠢᠭᠡᠮᠡᠷ ᠠᠮᠠᠷᠬᠠᠨ ᠰᠠᠳᠤᠪ᠂ ᠭᠡᠳᠡᠯ᠎ᠡ ᠳᠡᠭᠦᠨ ᠳᠤ ᠠᠭᠤᠯᠤᠭᠳᠠᠨ ᠪᠠᠢ᠌ᠭ᠎ᠠ ᠰᠤᠶᠤᠯ ᠰᠡᠳᠭᠢᠭᠦᠢ ᠶᠢᠨ ᠦᠪᠡᠷᠮᠢᠴᠠ ᠬᠠᠷᠠᠭ᠎ᠠ᠂ ᠬᠠᠢ᠌ᠷ᠎ᠠ ᠳᠤᠷᠠᠯᠠᠯ ᠤᠨ ᠳᠤᠬᠠᠢ ᠴᠠᠪᠠᠷ ᠣᠢ᠌ᠯᠠᠭᠠᠯᠳᠠ᠂ ᠶᠠᠰᠤ ᠴᠢᠮᠦᠭᠡᠨ ᠳᠤ ᠰᠢᠩᠭᠡᠭ᠍ᠰᠡᠨ ᠣᠶᠤᠠᠯᠢᠭ ᠮᠠᠳᠠᠷᠠᠮᠵᠢ᠂ ᠬᠠᠯᠠᠭᠤᠨ ᠣᠷᠮᠠᠰ ᠰᠢᠯᠦᠭ᠌ ᠤᠨ ᠰᠢᠠᠳᠠᠰᠤᠨ ᠳᠤ ᠨᠢ ᠨᠢᠭᠤᠭᠳᠠᠨ ᠪᠠᠢ᠌ᠭ᠎ᠠ᠃ ᠠᠮᠠᠷᠬᠠᠨ ᠣᠢ᠌ᠯᠠᠭᠠᠭᠳᠠᠬᠤ ᠵᠣᠢ᠌ᠯ ᠢ ᠳᠠᠷᠠ ᠶᠠᠩᠵᠤ ᠪᠠᠷ ᠨᠢ ᠪᠢᠴᠢᠭᠦ ᠦᠭᠡᠶ ᠬᠠᠷᠢᠨ ᠣᠷᠠᠯᠢᠭ ᠤᠨ ᠪᠣᠳᠤᠭ ᠶᠢᠡᠷ ᠥᠩᠭᠡᠯᠡᠨ ᠰᠡᠳᠬᠢᠯᠭᠡ ᠶᠢᠨ ᠭᠡ ᠳᠠᠭᠠᠷᠠᠭᠤᠯᠵᠤ᠂ ᠣᠩᠰᠢᠭᠴᠢᠳ ᠤᠨ ᠰᠤᠨᠢᠷᠬᠠᠯ ᠳᠤ ᠭᠦᠷᠭᠡᠭ᠍ᠰᠡᠨ ᠨᠢ ᠵᠢᠭ᠍ᠳᠡᠢ᠃ ᠳᠡᠭᠡᠭᠡᠳ ᠨᠢᠭᠡᠯᠡ ᠭᠦᠮᠤᠨ ᠳᠤ ᠳᠤᠷᠠᠯᠠᠭᠠᠤᠨ ᠳᠡᠯᠭᠡᠷᠡᠳᠡᠭ᠌ ᠳᠤᠷᠠᠯᠠᠯ ᠤᠨ ᠴᠡᠴᠡᠭ᠌ ᠢ ᠭᠠᠵᠠᠷ ᠪᠣᠯᠭᠠᠨ ᠳᠤ ᠳᠡᠯᠭᠡᠷᠡᠳᠡᠭ᠌ ᠦᠭᠡᠶ ᠣᠪ ᠣᠯᠠᠭᠠᠨ ᠰᠠᠷᠠᠨᠠᠢ ᠪᠠᠷ ᠵᠥᠢᠷᠯᠡᠭ᠍ᠰᠡᠨ ᠨᠢ ᠣᠴᠢᠷᠳᠠᠢ ︕
ᠪᠠ᠊·ᠷᠠ᠊·ᠡᠷᠳᠡᠨᠢᠮᠥ᠋ᠩᠭᠡ ᠶᠢ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠳᠠᠪᠴᠠᠩ ᠳᠡᠭᠡᠷ᠎ᠡ ᠰᠢᠨ᠎ᠡ ᠪᠠᠷ ᠴᠤᠯᠭᠤᠷᠠᠨ ᠭᠠᠷᠴᠤ ᠪᠠᠢ᠌ᠭ᠎ᠠ ᠵᠠᠯᠠᠭᠤ ᠮᠠᠯᠴᠢᠨ ᠰᠢᠯᠦᠭ᠍ᠴᠢᠨ ᠭᠡᠵᠤ ᠪᠣᠯᠬᠤ ᠶᠤᠮ᠃ ᠳᠦᠷᠤᠯᠭᠢ ᠶᠢᠨ ᠰᠤᠨᠢᠨ ᠠᠪᠢᠶᠠᠰ᠂ ᠳᠤᠷᠭᠠᠨ ᠮᠠᠳᠠᠷᠠᠮᠵᠢ᠂ ᠳᠤᠰᠤᠨ ᠭᠡᠯᠡ᠂ ᠳᠤᠷ᠎ᠠ ᠰᠤᠨᠢᠷᠬᠠᠯ ᠨᠢ ᠳᠡᠭᠦᠨ ᠢ ᠰᠢᠯᠦᠭ᠌ ᠨᠠᠢ᠌ᠷᠠᠭ ᠳᠠᠳᠠᠯᠬᠤ ᠶᠢᠨ ᠭᠡᠴᠡᠭᠦᠤ ᠣᠢ᠌ᠯᠠᠨ ᠳᠤ ᠳᠠᠰᠬᠠᠭᠰᠠᠭᠠᠷ ᠪᠣᠢ᠃ ᠳᠠᠷᠠ ᠮᠠᠯ ᠤᠨ ᠬᠠᠵᠠᠭᠤ ᠳᠤ ᠰᠢᠯᠦᠭ᠌ ᠤᠨ ᠮᠢᠯᠠᠭ᠎ᠠ ᠪᠠᠷᠢᠭᠰᠠᠨ ᠡᠳᠦᠷ ᠡᠴᠡ ᠨᠠᠮ ᠦᠭᠡᠶ ᠠᠷᠪᠢᠨ ᠰᠢᠯᠦᠭ᠌ ᠨᠠᠢ᠌ᠷᠠᠭ ᠪᠢᠴᠢᠵᠤ᠂ ᠰᠤᠨᠢᠨ ᠰᠡᠳᠭᠦᠯ ᠳᠤ ᠨᠡᠢ᠌ᠳᠡᠯᠡᠭᠦᠯᠦᠭ᠍ᠰᠡᠨ ᠶᠢᠡᠷ ᠪᠠᠷᠠᠬᠤ ᠦᠭᠡᠶ ᠬᠤᠪᠢ ᠪᠠᠷ ᠶᠢᠡᠨ ᠰᠢᠯᠦᠭ᠌ ᠤᠨ ᠳᠡᠭᠦᠪᠦᠷᠢ ᠭᠡᠪᠯᠡᠭᠦᠯᠦᠭᠡᠳ ᠠᠮᠵᠢᠵᠠᠢ᠃ ᠭᠠᠳᠠᠨ᠎ᠠ ᠪᠠᠨ ᠢᠳᠡᠭᠦ ᠮᠠᠯ ᠲᠡᠶ᠂ ᠭᠠᠷ ᠲᠤ ᠪᠠᠨ ᠪᠠᠷᠢᠬᠤ ᠵᠤᠭᠤᠰ ᠲᠡᠶ ᠪᠣᠯᠤᠭᠰᠠᠨ ᠦᠨᠦᠳᠤᠷ ᠤᠨ ᠮᠠᠯᠴᠢᠳ ᠮᠠᠨᠢ ᠵᠠᠪ ᠯᠠ ᠭᠠᠷᠤᠭᠰᠠᠭᠠᠷ ᠮᠠᠵᠢᠶᠠᠩ ᠨᠠᠢ᠌ᠷ ᠤᠨ ᠰᠢᠷᠡᠭᠡᠨ ᠳᠡᠭᠡᠷ᠎ᠡ ᠪᠠᠢ᠌ᠳᠠᠭ ᠶᠢᠡᠨ ᠭᠦᠪᠢᠳᠡᠭ᠌ ᠪᠣᠯᠤᠭᠰᠠᠨ ᠪᠠᠢ᠌ᠬᠤ ᠳᠤ ᠪᠠ᠊·ᠷᠠ᠊·ᠡᠷᠳᠡᠨᠢᠮᠥ᠋ᠩᠭᠡ ᠳᠡᠭᠡᠭᠡ ᠦᠭᠡᠶ᠃ ᠳᠠᠷᠠ ᠶᠠᠮᠠᠷ ᠵᠤᠭᠤᠰ ᠦᠭᠡᠶ ᠳᠤ ᠪᠠᠨ ᠪᠢᠰᠢ᠂ ᠬᠠᠷᠢᠨ ᠰᠤᠶᠤᠯ ᠶᠢᠡᠨ ᠭᠡᠰᠡᠨ ᠬᠠᠷᠢᠭᠤᠴᠠᠯᠭᠠᠳᠤ ᠰᠡᠳᠭᠢᠯ᠂ ᠬᠠᠯᠠᠭᠤᠨ ᠣᠷᠮᠠᠰ ᠨᠢ ᠳᠡᠭᠦᠨ ᠳᠤ ᠵᠦᠪ ᠵᠠᠮ ᠵᠢᠭᠠᠵᠤ ᠥᠭ᠍ᠴᠡᠢ᠃
ᠲ᠋ᠡᠭᠦᠨ ᠤ ᠰᠢᠯᠦᠭ᠌ ᠲᠤ ᠴᠠᠪᠠᠷ ᠰᠢᠯᠤᠭᠤᠨ ᠳᠦᠷᠰᠤᠯᠠᠯ᠂ ᠭᠡᠭᠡᠮᠰᠦᠭ᠌ ᠣᠷᠠᠨ ᠰᠠᠨᠠᠭ᠎ᠠ᠂ ᠠᠮᠢᠳᠤ ᠪᠣᠷᠤᠭᠵᠢᠭᠤᠨ ᠭᠡᠯᠡ ᠨᠢ ᠭᠡᠷ ᠤᠨ ᠵᠥᠭᠡᠯᠡᠨ ᠳᠠᠷᠠᠭ ᠰᠢᠭ ᠬᠠᠯᠠᠭᠤᠨ ᠪᠦᠯᠢᠶᠡᠨ᠂ ᠭᠦᠷᠦᠩᠭᠡ ᠬᠤᠴᠢᠯᠭ᠎ᠠ ᠨᠢ ᠳᠠᠭᠠᠷᠠᠨ ᠪᠦᠷᠢᠯᠳᠦᠭᠡᠳ ᠱᠠᠩᠳᠠᠭᠤᠨ ᠪᠦᠭᠡᠳ ᠠᠮᠳᠠᠷᠬᠠᠭ᠃ ᠳᠠᠷᠠ 《ᠪᠢ ᠬᠤᠯᠠ ᠶᠠᠪᠣᠨ᠎ᠠ》 ᠭᠡᠭᠦ ᠰᠢᠯᠦᠭ᠌ ᠲᠤ ᠪᠠᠨ 《ᠭᠦᠯ ᠭᠦᠷᠭᠦ ᠦᠭᠡᠶ ᠦᠨᠳᠦᠷ ᠲᠤ ᠮᠦᠷ ᠶᠢᠡᠨ ᠭᠠᠷᠭᠠᠬᠤ ᠪᠠᠷ ᠬᠤᠯᠠ ᠶᠠᠪᠣᠨ᠎ᠠ / ᠭᠡᠯᠡ ᠭᠦᠷᠭᠦ ᠦᠭᠡᠶ ᠬᠤᠯᠠ ᠳᠤ ᠨᠠᠷᠠ ᠪᠠᠨ ᠥᠯᠡᠳᠡᠭᠡᠭᠦ ᠪᠠᠷ ᠬᠤᠯᠠ ᠶᠠᠪᠣᠨ᠎ᠠ / ᠭᠡᠭᠡ ᠳᠤᠰᠬᠤ ᠦᠭᠡᠶ ᠬᠠᠷᠠᠩᠭ᠋ᠤᠢ ᠳᠤ ᠰᠡᠭᠦᠳᠡᠷ ᠶᠢᠡᠨ ᠥᠯᠡᠳᠡᠭᠡᠭᠦ ᠪᠠᠷ ᠬᠤᠯᠠ ᠶᠠᠪᠣᠨ᠎ᠠ》 ᠭᠡᠮᠡᠨ ᠣᠩᠰᠢᠭᠰᠠᠨ ᠭᠦᠮᠤᠨ ᠢ ᠳᠠᠭᠠᠭᠠᠤᠨ ᠳᠡᠷᠪᠠᠭᠦᠯᠦᠮᠡ ᠭᠦᠭᠡᠷᠦᠭᠦᠨ ᠣᠶᠩᠭ᠋ᠠᠯᠠᠳᠠᠭ᠃ ᠳᠡᠭᠦᠨ ᠤ ᠡᠨᠡ ᠰᠢᠯᠦᠭ᠌ ᠡᠴᠡ ᠰᠢᠨ᠎ᠡ ᠴᠠᠭ ᠤᠨ ᠮᠠᠯᠴᠢᠳ ᠤᠨ ᠭᠦᠰᠡᠯ ᠪᠣᠳᠤᠯ᠂ ᠦᠷᠳᠡᠭ᠌ ᠤᠨ ᠦᠵᠡᠯᠳᠠ᠂ ᠰᠤᠶᠤᠯᠯᠢᠭ ᠣᠬᠠᠮᠰᠠᠷ ᠢ ᠵᠤᠭᠢᠬᠤ ᠭᠡᠮᠵᠢᠶ᠎ᠡ ᠪᠠᠷ ᠦᠵᠡᠨ ᠭᠠᠷᠴᠤ ᠪᠣᠯᠤᠨ᠎ᠠ᠃ ᠮᠤᠩᠭ᠋ᠤᠯ ᠤᠨ ᠥᠭᠡᠨ ᠳᠤ 《ᠡᠷ᠎ᠡ ᠭᠦᠮᠤᠨ ᠭᠡᠷ ᠲᠤ ᠳᠦᠷᠦᠭᠡᠳ ᠭᠡᠭᠡᠷ᠎ᠡ ᠥᠭᠦᠳᠡᠭ᠌》 ᠭᠡᠭᠦ ᠭᠡᠯᠡᠴᠡ ᠪᠣᠢ᠃ ᠪᠠ᠊·ᠷᠠ᠊·ᠡᠷᠳᠡᠨᠢᠮᠥ᠋ᠩᠭᠡ ᠶᠢᠨ ᠰᠢᠯᠦᠭ᠌ ᠡᠨᠡ ᠭᠦᠨ ᠣᠬᠠᠭᠠᠯᠢᠭ ᠶᠤᠰᠤ ᠲᠡᠶ ᠠᠭᠠᠷ ᠠᠮᠢᠰᠬᠤᠯ ᠨᠠᠢ᠌ᠯᠠᠨ ᠢᠷᠠᠵᠤ ᠪᠠᠢ᠌ᠭ᠎ᠠ ᠨᠢ ᠯᠠᠪ ᠭᠡᠨᠡᠳᠲᠡ ᠶᠢᠨ ᠲᠤᠬᠢᠶᠠᠯᠳᠤᠯ ᠪᠢᠰᠢ ᠡ᠃ ᠵᠠᠯᠭᠠᠭᠠᠤᠨ 《ᠵᠤᠪᠠᠯᠠᠩ ᠢᠯᠡᠭᠦᠳᠡᠭ᠍ᠰᠡᠨ ᠴᠠᠭ ᠲᠤ ᠵᠢᠷᠭᠠᠯ ᠡᠷᠢᠵᠤ ᠬᠤᠯᠠ ᠶᠠᠪᠣᠨ᠎ᠠ / ᠵᠤᠭᠤᠰ ᠶᠢᠡᠷ ᠵᠢᠷᠤᠭᠠᠯᠠᠭᠰᠠᠨ ᠨᠡᠢ᠌ᠭᠡᠮ ᠢ ᠵᠢᠷᠦᠭᠡᠨ ᠳᠤ ᠪᠠᠨ ᠵᠢᠭ᠍ᠰᠢᠵᠤ ᠬᠤᠯᠠ ᠶᠠᠪᠣᠨ᠎ᠠ》 ᠭᠡᠮᠡᠨ ᠦᠨᠡᠨ ᠰᠠᠨᠠᠭ᠎ᠠ ᠪᠠᠨ ᠢᠯᠠ ᠪᠣᠯᠭᠠᠯ᠎ᠠ᠃ ᠨᠠᠮ ᠣᠶᠠᠷᠠᠭᠤᠨ ᠰᠡᠳᠬᠢᠯᠭᠡ᠂ ᠦᠨᠡᠨ ᠥᠭᠡ᠂ ᠵᠥᠭᠡᠯᠡᠨ ᠳᠠᠰᠢᠭᠤᠷᠳᠠᠯ ᠨᠢ ᠰᠢᠯᠦᠭ᠌ ᠤᠨ ᠬᠤᠪᠢ ᠶᠢᠨ ᠵᠢᠩ ᠢ ᠦᠯᠦ ᠮᠡᠳᠡᠭ᠌ ᠭᠦᠡᠳᠦᠷᠡᠭᠦᠯᠦᠯᠡ᠃
ᠰᠢᠨ᠎ᠡ ᠵᠠᠭᠤᠨ ᠤ ᠴᠠᠪᠠᠷ ᠠᠭᠠᠷ ᠠᠮᠢᠰᠬᠤᠨ ᠮᠤᠩᠭ᠋ᠤᠯ ᠰᠤᠶᠤᠯ ᠤᠨ ᠠᠯᠳᠠᠨ ᠭᠠᠳᠠᠰᠤᠨ ᠳᠡᠭᠡᠷ᠎ᠡ ᠡ᠊·ᠭᠦᠳᠡᠭᠡ᠂ ᠤᠳᠦᠡᠭᠦ᠋ᠤ᠂ ᠰᠢᠨᠠᠪᠣᠳᠤᠯ᠂ ᠮ·ᠰᠢᠪᠣᠰᠤᠨ᠂ ᠮ·ᠠᠰᠬ᠎ᠠ ᠭᠡᠮᠡᠭᠦ ᠭᠠᠯ ᠵᠠᠯᠠᠭᠤ ᠨᠠᠢ᠌ᠷᠠᠭ ᠤᠨ ᠰᠢᠪᠠᠭᠤᠳ ᠵᠢᠷᠭᠢᠨ ᠪᠠᠭᠤᠪᠠ᠃ ᠡᠳᠡᠨᠡᠷ ᠪᠣᠯ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠮᠦᠩᠭᠦᠨ ᠳᠤᠯᠭᠠᠨ ᠳᠤ ᠪᠢᠯᠢᠭ᠌ ᠤᠨ ᠰᠥ᠋ ᠡᠷᠭᠦᠭᠦ ᠰᠢᠨ᠎ᠡ ᠣᠳᠤᠳ ᠭᠡᠮᠡᠨ ᠢᠳᠡᠭᠡᠵᠤ ᠪᠠᠢ᠌ᠨ᠎ᠠ᠃ 2012 ᠣᠨ ᠳᠤ ᠡ᠊·ᠭᠦᠳᠡᠭᠡ᠂ ᠤᠳᠦᠡᠭᠦ᠋ᠤ᠂ ᠰᠢᠨᠠᠪᠣᠳᠤᠯ ᠭᠤᠷᠪᠠ ᠶᠢᠨ ᠰᠢᠯᠦᠭ᠌ ᠤᠨ ᠨᠤᠮ ᠣᠩᠰᠢᠭᠴᠢᠳ ᠲᠡᠶ ᠵᠤᠯᠭᠠᠯ᠎ᠠ᠃ ᠣᠶᠤᠳᠠᠨ ᠶᠠᠪᠣᠭ᠎ᠠ ᠨᠠᠰᠤᠨ ᠳᠤ ᠪᠠᠨ ᠠᠪᠣ ᠡᠵᠢ ᠶᠢᠨ ᠶᠢᠡᠨ ᠦᠭᠭᠦᠭ᠍ᠰᠡᠨ ᠭᠡᠮᠵᠢᠶ᠎ᠡ ᠲᠡᠶ ᠵᠢᠭᠠᠬᠠᠨ ᠮᠦᠩᠭᠦ ᠶᠢ ᠠᠷᠪᠢᠯᠠᠨ ᠪᠠᠢ᠌ᠵᠤ ᠨᠤᠮ ᠳᠠᠪᠳᠠᠷ ᠭᠠᠷᠭᠠᠨ᠎ᠠ ᠭᠡᠳᠡᠭ᠌ ᠠᠮᠠᠷ ᠦᠭᠡᠶ᠃ ᠮ·ᠰᠢᠪᠣᠰᠤᠨ᠂ ᠮ·ᠠᠰᠬ᠎ᠠ ᠡᠭᠡᠴᠢ ᠳᠡᠭᠦᠤ ᠬᠤᠶᠠᠭᠤᠯᠠ (ᠮᠠᠯᠴᠢᠨ ᠰᠢᠯᠦᠭ᠍ᠴᠢ ᠭᠣ᠊·ᠮᠥᠩᠭᠡ ᠶᠢᠨ ᠬᠡᠦᠬᠡᠳ) ᠴᠤ ᠠᠪᠣ ᠲᠡᠶ ᠪᠠᠨ ᠭᠤᠷᠪᠠᠭᠤᠯᠠ ᠰᠢᠯᠦᠭ᠌ ᠤᠨ ᠳᠡᠭᠦᠪᠦᠷᠢ ᠪᠠᠨ ᠭᠠᠷᠭᠠᠨ᠎ᠠ ᠭᠡᠳ ᠶᠠᠭᠠᠷᠠᠵᠤ ᠶᠠᠪᠣᠭ᠎ᠠ ᠰᠤᠷᠠᠭ ᠲᠡᠶ᠃
ᠰᠠᠨᠠᠭᠠᠨ ᠡᠴᠡ ᠭᠠᠳᠠᠭᠤᠷ ᠳᠡᠭ᠍ᠵᠢᠨ ᠰᠠᠨᠠᠭ᠎ᠠ᠂ ᠳᠡᠪᠠᠷᠡᠩᠭᠦᠢ ᠰᠡᠳᠬᠢᠯᠭᠡ ᠲᠡᠶ ᠭᠦᠭᠡᠷᠦᠭᠦᠨ ᠰᠢᠯᠦᠭ᠌ ᠤᠳ ᠰᠠᠷᠠᠯ ᠤᠨ ᠥᠵᠦᠭᠦᠷ ᠡᠴᠡ ᠴᠢᠮᠭᠢᠵᠤ᠂ ᠰᠡᠳᠭᠢᠯ ᠤᠨ ᠣᠭ ᠡᠴᠡ ᠣᠭᠵᠤᠷᠠᠬᠤᠨ ᠣᠷᠭᠢᠳᠠᠭ ᠨᠢ ᠰᠤᠨᠢᠷᠬᠠᠯᠳᠠᠢ᠃ ᠳᠡᠭᠡᠭᠡᠳ ᠵᠠᠯᠠᠭᠤ ᠨᠠᠰᠤᠨ ᠤ ᠭᠦᠭ᠍ᠰᠡᠯ ᠭᠡᠢ᠌ᠷᠭᠡᠯ᠂ ᠦᠬᠢᠨ ᠣᠯᠤᠰ ᠤᠨ ᠡᠮᠵᠡᠭ᠌ ᠳᠤᠷᠭᠠᠨ ᠮᠡᠳᠡᠷᠡᠭᠦᠢ᠂ ᠭᠤᠸ᠎ᠠ ᠰᠠᠢ᠌ᠬᠠᠨ ᠤ ᠳᠠᠭᠠᠰᠢᠶᠠᠯ᠂ ᠵᠢᠷᠦᠭᠡᠨ ᠳᠤ ᠭᠦᠷᠦᠮᠡᠷ ᠬᠤᠯᠪᠤᠨ ᠪᠣᠳᠤᠯᠳᠠ ᠵᠢᠴᠢ ᠣᠷᠠᠨ ᠰᠠᠨᠠᠭ᠎ᠠ ᠨᠢ ᠶᠠᠭᠠᠭᠢᠬᠤ ᠠᠷᠭ᠎ᠠ ᠦᠭᠡᠶ ᠰᠢᠯᠦᠭ᠌ ᠤᠨ ᠳᠤᠳᠤᠷ ᠭᠠᠳᠠᠨ᠎ᠠ ᠪᠠᠨ ᠵᠠᠰᠠᠨ ᠴᠢᠮᠡᠭᠯᠡᠭᠡᠳ ᠰᠢᠯᠦᠭ᠌ ᠠᠮᠳᠠᠯᠠᠬᠤ ᠶᠢᠨ ᠬᠠᠪᠣ ᠴᠡᠩᠭᠡᠯ ᠣᠯᠭᠤᠵᠤ ᠪᠠᠢ᠌ᠨ᠎ᠠ᠃ ᠪᠢᠷ ᠶᠢᠡᠨ ᠬᠠᠶᠠᠯ ᠦᠭᠡᠶ ᠡᠨᠡ ᠶᠠᠩᠵᠤ ᠪᠠᠷ ᠶᠢᠡᠨ ᠣᠷᠤᠯᠳᠤᠳᠠᠭ ᠪᠣᠯ ᠭᠦᠷᠳᠡᠭ᠍ᠰᠡᠨ ᠭᠦᠮᠦᠵᠢᠯ᠂ ᠰᠤᠷᠤᠭᠰᠠᠨ ᠮᠡᠳᠡᠯᠭᠡ᠂ ᠣᠷ᠎ᠠ ᠠᠪᠢᠶᠠᠰ ᠨᠢ ᠳᠠᠳᠠᠨ ᠳᠤ ᠰᠠᠢ᠌ᠨ ᠰᠢᠯᠦᠭ᠍ᠴᠢᠳ ᠭᠠᠷᠬᠤ ᠨᠥᠭᠦᠴᠡᠯ ᠪᠣᠯᠤᠮᠵᠢ ᠶᠢ ᠪᠦᠷᠢᠨ ᠣᠯᠭᠤᠵᠤ ᠪᠠᠢ᠌ᠨ᠎ᠠ᠃ ᠭᠡᠪᠠᠴᠤ ᠠᠩᠬ᠎ᠠ ᠡᠭᠢᠯᠡᠨ ᠰᠢᠯᠦᠭ᠌ ᠨᠠᠢ᠌ᠷᠠᠭ ᠣᠷᠤᠯᠳᠤᠵᠤ ᠪᠠᠢ᠌ᠭ᠎ᠠ ᠵᠠᠯᠠᠭᠤ ᠣᠯᠤᠰ ᠤᠨ ᠬᠤᠪᠢ ᠳᠤ ᠠᠯᠳᠠᠭ᠎ᠠ ᠦᠭᠡᠶ ᠭᠡᠪᠠᠯ ᠠᠷᠠᠢ ᠪᠣᠷᠤᠭᠤ᠃ ᠰᠢᠷᠭᠠᠭᠠᠯᠳᠠ ᠮᠠᠭᠤᠳᠠᠭᠰᠠᠨ ᠡᠴᠡ ᠰᠤᠠᠵᠤᠷᠠᠭᠰᠠᠨ ᠥᠭᠦᠯᠡᠪᠦᠷᠢ᠂ ᠳᠠᠪᠬᠤᠴᠠᠭᠰᠠᠨ ᠰᠠᠨᠠᠭ᠎ᠠ᠂ ᠢᠯᠡᠭᠦᠴᠡ ᠥᠭᠡ᠂ ᠪᠣᠷᠤᠭᠤ ᠦᠰᠦᠭ᠌ ᠳᠠᠭᠠᠪᠣᠷᠢ ᠮᠠᠷ ᠮᠠᠷ ᠬᠠᠷᠠᠭᠳᠠᠵᠤ ᠪᠣᠢ᠃ ᠶᠠᠪᠣᠭᠠᠨ ᠳᠤ ᠪᠠᠨ ᠯᠠᠪ ᠵᠠᠯᠠᠷᠠᠭᠤᠯᠵᠤ ᠠᠪᠣᠨ᠎ᠠ ᠪᠢᠵᠠ ⁉
ᠰᠤᠶᠤᠯ ᠤᠨ ᠵᠤᠭᠰᠤᠴᠠ ᠡᠴᠡ ᠭᠡᠯᠡᠭᠦ ᠳᠤ ᠪᠦᠳᠦᠭᠡᠯᠴᠢ ᠣᠷᠤᠯᠳᠤᠯᠭ᠎ᠠ᠂ ᠰᠤᠶᠤᠯ ᠤᠨ ᠵᠤᠷᠢᠭ ᠰᠠᠨᠠᠭ᠎ᠠ ᠨᠢ ᠪᠢᠰᠢᠷᠠᠯᠳᠠᠢ᠃ 《ᠵᠠᠯᠠᠭᠤ ᠭᠦᠮᠤᠨ ᠤ ᠵᠠᠮ ᠤᠨ ᠭᠦᠵᠦᠭᠦᠤ ᠣᠷᠳᠤ》 ᠭᠡᠳᠡᠭ᠌ ᠪᠢᠯᠠ ᠦᠦ᠂ ᠡ᠊ᠨᠳᠡ ᠡᠳᠡᠨᠦᠰ ᠤᠨ ᠰᠢᠯᠦᠭ᠌ ᠲᠤ ᠳᠡᠩᠳᠡᠭᠦᠤ ᠡᠷᠳᠡ ᠦᠨᠡᠯᠠᠯᠳᠠ ᠦᠭᠭᠦ ᠶᠢ ᠲᠦᠷ ᠳᠠᠳᠠᠭᠠᠯᠵᠠᠯᠠ᠃
ᠡᠯ᠎ᠡ ᠴᠠᠭ ᠦᠶ᠎ᠡ ᠳᠤ ᠪᠢᠴᠢᠭ᠍ᠳᠡᠭ᠍ᠰᠡᠨ 《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠤᠨ ᠰᠤᠶᠤᠯ ᠤᠨ ᠭᠦᠷᠦᠰᠤ ᠰᠢᠷᠤᠢ ᠵᠤᠵᠠᠭᠠᠨ᠂ ᠡᠭᠢᠯᠡᠯᠳᠡ ᠶᠢᠨ ᠴᠡᠭ᠌ ᠦᠨᠳᠦᠷ᠂ ᠦᠨᠳᠦᠰᠦ ᠭᠦᠨ᠂ ᠭᠦᠷᠢᠶ᠎ᠡ ᠴᠠᠷ᠎ᠠ ᠦᠷᠭᠡᠨ᠂ ᠰᠠᠳᠤᠪ ᠰᠢᠨᠡᠷᠭᠡᠭ᠌᠂ ᠭᠡᠯᠪᠠᠷᠢ ᠪᠢᠴᠢᠯᠭᠡ ᠴᠢᠯᠦᠭᠡᠳᠡᠢ᠂ ᠴᠠᠭ ᠦᠶ᠎ᠡ ᠣᠷᠤᠨ ᠨᠤᠳᠤᠭ ᠤᠨ ᠥᠩᠭᠡ ᠪᠣᠳᠤᠭ ᠳᠤᠳᠤᠷᠬᠠᠢ᠂ ᠬᠤᠷᠢᠶᠠᠯᠳᠠ ᠡᠯᠪᠠᠭ᠌᠂ ᠢᠷᠡᠭᠡᠳᠦᠢ ᠰᠠᠷᠠᠭᠤᠯ ᠭᠡᠮᠡᠨ ᠦᠨᠡᠯᠠᠵᠤ ᠪᠣᠯᠤᠨ᠎ᠠ᠃ ᠭᠡᠪᠠᠴᠤ 《ᠳᠡᠭᠡᠳᠤ ᠮᠤᠩᠭ᠋ᠤᠯ ᠢᠷᠠᠭᠤ ᠨᠠᠢ᠌ᠷᠠᠭ》 ᠲᠤ ᠳᠤᠳᠠᠭᠳᠠᠯ ᠲᠡᠶ ᠳᠠᠯ᠎ᠠ ᠮᠦᠨ ᠣᠷᠤᠰᠢᠵᠤ ᠪᠣᠢ᠃ ᠡᠩ ᠳᠡᠷᠢᠭᠦᠨ ᠳᠤ ᠰᠢᠷᠭᠠᠭᠠᠯᠳᠠ ᠮᠠᠭᠤᠳᠠᠵᠤ ᠪᠠᠢ᠌ᠨ᠎ᠠ᠃ ᠮᠠᠨᠠᠢ᠌ᠭᠢᠰ ᠨᠢᠭᠡ ᠶᠠᠭᠤᠮ᠎ᠠ ᠮᠤᠤᠬᠠᠨ ᠪᠢᠴᠢᠪᠠ ᠰᠠᠴᠠᠭᠤ ᠬᠤᠷᠳᠤᠨ ᠨᠡᠢ᠌ᠳᠡᠯᠡᠭᠦ ᠪᠠᠨ ᠪᠣᠳᠤᠭᠠᠤᠨ ᠰᠢᠯᠦᠭ᠌ ᠶᠢᠡᠨ ᠭᠢᠨᠠᠬᠤ᠂ ᠵᠠᠰᠠᠬᠤ᠂ ᠴᠢᠨᠠᠷᠵᠢᠭᠤᠯᠬᠤ ᠶᠢ ᠣᠮᠳᠤᠭᠠᠢ᠌ᠯᠠᠬᠤ ᠪᠣᠯᠵᠠᠢ᠃ ᠢᠯᠠᠩᠭ᠋ᠤᠶ᠎ᠠ ᠮᠤᠩᠭ᠋ᠤᠯ ᠰᠦᠯᠵᠢᠶ᠎ᠠ ᠭᠠᠷᠤᠭᠰᠠᠨ ᠡᠴᠡ ᠪᠦᠷ ᠭᠠᠯ ᠠᠪᠳᠠᠭ ᠪᠣᠯᠤᠯ᠎ᠠ᠃ ᠡᠳᠦᠷ ᠪᠦᠷᠢ ᠰᠢᠯᠦᠭ᠌ ᠪᠢᠴᠢᠨ ᠨᠠᠢ᠌ᠳᠠᠯᠠᠵᠤ ᠯᠠ ᠪᠠᠢ᠌ᠨ᠎ᠠ᠂ ᠭᠡᠳᠡᠯ᠎ᠡ ᠪᠢᠴᠢᠭ᠍ᠰᠡᠨ ᠰᠢᠯᠦᠭ᠌ ᠨᠢ ᠨᠢᠭᠡ ᠣᠷᠤᠨ ᠳᠤ ᠪᠠᠨ ᠰᠠᠭᠤᠭ᠎ᠠ ᠲᠡᠶ᠃ ᠠᠶ᠎ᠠ ᠦᠭᠡᠶ ᠪᠣᠯ ᠭᠡᠳᠡᠷᠭᠦ ᠣᠬᠤᠷᠢᠬᠤ ᠬᠠᠠᠳᠤᠰᠢ ᠲᠡᠶ ᠪᠣᠯᠵᠤ ᠪᠣᠢ᠃ ᠵᠠᠭᠤᠨ ᠰᠢᠯᠦᠭ᠌ ᠪᠢᠴᠢᠯ᠎ᠠ ᠭᠡᠳ ᠭᠠᠭᠴᠠ ᠰᠠᠢ᠌ᠨ ᠰᠢᠯᠦᠭ᠌ ᠪᠢᠴᠢᠭᠦ ᠦᠭᠡᠶ ᠪᠣᠯ ᠰᠢᠯᠦᠭ᠍ᠴᠢ ᠭᠡᠮᠡᠨ ᠬᠤᠭᠤᠰᠤᠨ ᠣᠩᠭᠢᠷᠠᠭᠠᠤᠨ ᠳᠤᠰᠠ ᠦᠭᠡᠶ ︕ ᠳᠠᠷᠠᠭ᠎ᠠ ᠳᠤ ᠨᠢ ᠮᠠᠨᠠᠢ᠌ᠭᠢᠰ ᠤᠨ ᠮᠡᠳᠡᠯᠭᠡ ᠶᠢᠨ ᠭᠦᠷᠢᠶ᠎ᠡ ᠭᠡᠪᠴᠢᠶ᠎ᠡ᠂ ᠰᠠᠳᠤᠪ ᠤᠨ ᠰᠤᠩᠭ᠋ᠤᠯᠳᠠ ᠢᠪᠴᠠᠤᠳᠠᠵᠤ ᠪᠠᠢ᠌ᠨ᠎ᠠ᠃ ᠵᠥᠪᠭᠡᠨ ᠨᠢᠳᠤᠨ ᠡᠮᠦᠨᠡᠭᠢ ᠪᠠᠨ ᠬᠠᠷᠠᠭᠠᠤᠨ᠂ ᠨᠢᠭᠡ ᠪᠢᠴᠢᠭ᠍ᠰᠡᠨ ᠶᠢᠡᠨ ᠳᠠᠭᠢᠨ ᠳᠠᠭᠢᠨ ᠪᠢᠴᠢᠭᠡᠳ ᠭᠠᠭᠴᠠᠬᠠᠨ ᠰᠠᠳᠤᠪ ᠶᠢᠡᠷ ᠣᠯᠠᠨ ᠰᠠᠨᠠᠭ᠎ᠠ ᠭᠠᠷᠭᠠᠬᠤ ᠪᠢᠰᠢ ᠬᠠᠷᠢᠨ ᠣᠯᠠᠨ ᠰᠠᠳᠤᠪ ᠶᠢᠡᠷ ᠭᠠᠭᠴᠠᠬᠠᠨ ᠰᠠᠨᠠᠭ᠎ᠠ ᠭᠠᠷᠭᠠᠬᠤ ᠭᠡᠵᠤ ᠣᠢ᠌ᠯᠠ ᠪᠠᠨ ᠦᠵᠡᠵᠤ ᠪᠠᠢ᠌ᠨ᠎ᠠ᠃ ᠢᠩᠭᠢᠵᠤ ᠰᠢᠯᠦᠭ᠌ ᠣᠷᠤᠯᠳᠤᠨ ᠪᠠᠶ᠎ᠠ ᠪᠠᠨ ᠵᠤᠪᠠᠭᠠᠭᠰᠠᠨ ᠤ ᠦᠨ᠎ᠡ ᠪᠠᠢ᠌ᠨ᠎ᠠ ᠦᠦ ⁉ ᠬᠠᠮᠤᠭ ᠰᠡᠭᠦᠯ ᠳᠤ ᠭᠡᠯᠡᠭᠦ ᠳᠤ 《ᠳᠡᠭᠡᠳᠤ ᠮᠤᠩᠭ᠋ᠤᠯ ᠢᠷᠠᠭᠤ ᠨᠠᠢ᠌ᠷᠠᠭ》 ᠲᠤ ᠣᠷᠴᠢᠭᠤᠯᠭ᠎ᠠ ᠳᠤᠳᠠᠭᠳᠠᠵᠤ ᠪᠠᠢ᠌ᠨ᠎ᠠ᠃ ᠪᠢᠳᠠ ᠦᠪᠡᠷ ᠤᠨ ᠶᠠᠭᠤᠮ᠎ᠠ ᠪᠠᠨ ᠵᠥᠪᠭᠡᠨ ᠦᠪᠠᠰᠤᠪᠠᠨ ᠥᠵᠡᠭᠡᠳ᠂ ᠥᠨᠡᠯᠡᠭᠡᠳ᠂ ᠰᠡᠳᠭᠢᠯ ᠬᠠᠨᠤᠭᠠᠤᠨ ᠰᠠᠭᠤᠵᠤ ᠪᠣᠯᠬᠤ ᠦᠭᠡᠶ᠃ ᠬᠠᠷᠢᠨ ᠨᠠᠩ ᠣᠯᠠᠨ ᠭᠡᠯᠡᠨ ᠳᠤ ᠣᠷᠪᠠᠭᠤᠯᠵᠤ᠂ ᠴᠢᠳᠠᠪᠠᠯ ᠳᠡᠯᠡᠭᠡᠢ ᠳᠠᠶᠠᠭᠠᠷ ᠲᠤ᠂ ᠡᠰᠡ ᠴᠢᠳᠠᠪᠠᠯ ᠣᠯᠤᠰ ᠤᠨ ᠳᠤᠳᠤᠭᠠᠳᠤ ᠳᠤ ᠴᠤ ᠭᠡᠰᠡᠨ ᠴᠢᠯᠦᠭᠡᠳᠡᠢ ᠰᠠᠴᠤᠬᠤ ᠨᠢ ᠳᠠᠭᠠᠷᠠᠨ᠎ᠠ᠃ ᠢᠩᠭᠢᠪᠠᠯ ᠰᠠᠶᠢ ᠦᠪᠡᠷ ᠤᠨ ᠭᠡᠯᠡ ᠰᠤᠶᠤᠯ ᠤᠨ ᠭᠦᠭ᠍ᠵᠢᠯᠳᠡ᠂ ᠦᠨ᠎ᠡ ᠦᠷᠳᠡᠭ᠌ ᠢ ᠨᠠᠩ ᠣᠯᠠᠨ ᠭᠦᠮᠦᠰ ᠲᠤ ᠣᠬᠠᠭᠠᠭᠤᠯᠵᠤ᠂ ᠳᠠᠨᠢᠭᠤᠯᠵᠤ᠂ ᠥᠨᠡᠯᠡᠭᠦᠯᠵᠤ᠂ ᠮᠡᠳᠡᠷᠡᠭᠦᠯᠵᠤ᠂ ᠪᠢᠰᠢᠷᠡᠭᠦᠯᠵᠤ ᠴᠢᠳᠠᠨ᠎ᠠ᠃
ᠠᠰᠢᠭᠯᠠᠭᠰᠠᠨ ᠨᠤᠮ ᠪᠣᠯᠤᠨ ᠰᠡᠳᠭᠦᠯ
⒈ 《ᠮᠤᠩᠭ᠋ᠤᠯ ᠣᠷᠠᠨ ᠵᠤᠬᠢᠶᠠᠯ ᠤᠨ ᠳᠡᠦᠭᠡ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ (1995 ᠣᠨ)᠃
⒉《ᠤᠢ᠌ᠷᠠᠤᠨ ᠮᠤᠩᠭ᠋ᠤᠯ ᠤᠨ ᠣᠳᠤ ᠦᠶ᠎ᠡ ᠶᠢᠨ ᠣᠷᠠᠨ ᠵᠤᠬᠢᠶᠠᠯ ᠤᠨ ᠳᠡᠦᠭᠡ》᠂ ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ (1999 ᠣᠨ)᠃
⒊ 《ᠣᠳᠤ ᠦᠶ᠎ᠡ ᠶᠢᠨ ᠮᠤᠩᠭ᠋ᠤᠯ ᠣᠷᠠᠨ ᠵᠤᠬᠢᠶᠠᠯ ᠤᠨ ᠵᠠᠭᠤᠨ ᠳᠡᠭᠡᠵᠢ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ (1997 ᠣᠨ)᠃
⒋ᠡᠷᠳᠡᠨᠢᠪᠢᠯᠢᠭ᠌ ᠪᠣᠯᠤᠨ ᠯ·ᠦᠰᠦᠷᠦᠩᠭᠦᠢ ᠶᠢᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠤᠯ》᠂ ᠦᠨᠳᠦᠰᠦᠳᠠᠨ ᠤ ᠭᠡᠪᠯᠡᠯ ᠤᠨ ᠬᠤᠷᠢᠶ᠎ᠠ (2008 ᠣᠨ)
⒌ ᠳᠡᠭᠡᠳᠤ ᠮᠤᠩᠭ᠋ᠤᠯ ᠣᠷᠠᠨ ᠵᠤᠬᠢᠶᠠᠯ ᠤᠨ ᠠᠩᠬᠠᠨ ᠤ ᠳᠡᠭᠦᠪᠦᠷᠢ 《ᠡᠷᠳᠡᠨᠢᠳᠤ ᠬᠤᠳᠤᠭᠤᠷ》 (ᠳᠤᠳᠤᠭᠠᠳᠤ ᠭᠡᠪᠯᠡᠯ 1984 ᠣᠨ)᠃
⒍ᠲ᠋ᠡᠭᠡᠳᠤ ᠮᠤᠩᠭ᠋ᠤᠯ ᠣᠷᠠᠨ ᠵᠤᠬᠢᠶᠠᠯ ᠤᠨ ᠬᠤᠶᠠᠳᠠᠭᠴᠢ ᠳᠡᠭᠦᠪᠦᠷᠢ 《ᠥᠡᠳᠦᠷᠯᠢᠭ᠌ ᠤᠨ ᠴᠤᠤᠷᠢᠶ᠎ᠠ》᠂ ᠦᠨᠳᠦᠰᠦᠳᠠᠨ ᠤ ᠭᠡᠪᠯᠡᠯ ᠤᠨ ᠬᠤᠷᠢᠶ᠎ᠠ (1994 ᠣᠨ)᠃
⒎ 《ᠳᠡᠭᠡᠳᠤ ᠮᠤᠩᠭ᠋ᠤᠯ ᠤᠨ ᠣᠳᠤ ᠦᠶ᠎ᠡ ᠶᠢᠨ ᠣᠷᠠᠨ ᠵᠤᠬᠢᠶᠠᠯ ᠤᠨ ᠰᠤᠩᠭ᠋ᠤᠮᠠᠯ》 (ᠭᠤᠷᠪᠠᠳᠠᠭᠴᠢ ᠳᠡᠭᠦᠪᠦᠷᠢ)᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ (2009 ᠣᠨ)᠃
⒏ ᠴᠢ᠊·ᠳᠠᠯᠠᠢ ᠶᠢᠨ ᠰᠢᠯᠦᠭ᠌ ᠤᠨ ᠳᠡᠭᠦᠪᠦᠷᠢ 《ᠥᠡᠳᠦᠷᠯᠢᠭ᠌ ᠡᠭᠡ ᠭᠢᠭᠡᠳ ᠨᠠᠷᠠ》᠂ ᠦᠨᠳᠦᠰᠦᠳᠠᠨ ᠤ ᠭᠡᠪᠯᠡᠯ ᠤᠨ ᠬᠤᠷᠢᠶ᠎ᠠ (1999 ᠣᠨ)᠃
⒐ ᠪᠠ᠊·ᠪᠦᠷᠭᠦᠤᠨ ᠤᠨ ᠰᠢᠯᠦᠭ᠌ ᠤᠨ ᠳᠡᠭᠦᠪᠦᠷᠢ 《ᠪᠢ ᠣᠷᠤᠰᠢᠬᠤ ᠦᠭᠡᠶ》 (ᠺᠢᠷᠢᠯ ᠦᠰᠦᠭ᠌᠂ ᠮᠤᠩᠭ᠋ᠤᠯ ᠣᠯᠤᠰ 2009 ᠣᠨ)᠃
⒑ ᠡ᠊·ᠭᠦᠳᠡᠭᠡ ᠶᠢᠨ ᠰᠢᠯᠦᠭ᠌ ᠤᠨ ᠳᠡᠭᠦᠪᠦᠷᠢ 《ᠦᠨᠳᠦᠷ ᠭᠠᠵᠠᠷ ᠤᠨ ᠰᠠᠯᠭᠢ》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ (2012 ᠣᠨ)᠃
⒒ᠤᠳᠦᠡᠭᠦ᠋ᠤ ᠶᠢᠨ ᠰᠢᠯᠦᠭ᠌ ᠤᠨ ᠳᠡᠭᠦᠪᠦᠷᠢ 《ᠪᠣᠳᠤᠭᠤᠨ ᠤ ᠳᠠᠪᠠᠭ》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ (2012 ᠣᠨ)᠃
⒓ᠰᠢᠨᠠᠪᠣᠳᠤᠯ ᠤᠨ ᠰᠢᠯᠦᠭ᠌ ᠤᠨ ᠳᠡᠭᠦᠪᠦᠷᠢ 《ᠨᠤᠮᠤᠬᠠᠨ ᠭᠤᠤᠯ ᠤᠨ ᠬᠠᠴᠢᠷ》᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ (2012 ᠣᠨ)᠃
⒔ 《ᠠᠯᠳᠠᠨ ᠲᠦᠯᠭᠢᠭᠦᠷ》 ᠰᠡᠳᠭᠦᠯ ᠤᠨ 2011 ᠣᠨ ᠤ 2 ᠳ᠋ᠤᠭᠠᠷ ᠬᠤᠭᠤᠴᠠᠭ᠎ᠠ ᠪᠣᠯᠤᠨ 2012 ᠣᠨ ᠤ 3 ᠳ᠋ᠤᠭᠠᠷ ᠬᠤᠭᠤᠴᠠᠭ᠎ᠠ᠃
⒕ 《ᠴᠡᠴᠡᠭ᠍ᠳᠤ ᠴᠠᠢ᠌ᠳᠠᠮ》 ᠰᠡᠳᠭᠦᠯ ᠤᠨ 2008 ᠣᠨ ᠤ 1 ᠳ᠋ᠤᠭᠡᠷ ᠬᠤᠭᠤᠴᠠᠭ᠎ᠠ ᠪᠣᠯᠤᠨ 2010 ᠣᠨ ᠤ 2 ᠳ᠋ᠤᠭᠠᠷ ᠬᠤᠭᠤᠴᠠᠭ᠎ᠠ᠃
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 66435
ᠴᠠᠭ᠄ 2013 ᠤᠨ ᠤ 06 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ