☆ ᠭ·ᠮᠥᠩᠭᠡᠳᠡᠯᠭᠡᠷ
ᠵᠠᠠᠳᠠᠯᠴᠢᠨ ᠮᠠᠳᠤ ᠣᠷᠴᠢᠯᠠᠩ ᠳᠤ ᠦᠨᠦᠳᠤᠷ ᠶᠢᠡᠨ ᠡᠷᠭᠢᠮᠯᠡ
ᠵᠠᠠᠳᠠᠯᠴᠢᠨ ᠮᠠᠳᠤ ᠣᠷᠴᠢᠯᠠᠩ ᠳᠤ
ᠦᠨᠦᠳᠤᠷ ᠶᠢᠡᠨ ᠡᠷᠭᠢᠮᠯᠡ
ᠵᠠᠠᠳᠠᠯᠴᠢᠨ ᠮᠠᠳᠤ ᠣᠷᠴᠢᠯᠠᠩ ᠳᠤ
ᠵᠢᠷᠤᠪᠭᠢᠨ ᠥᠩᠭᠡᠷᠡᠭᠦ ᠭᠦᠮᠤᠨ ᠤ ᠨᠢᠭᠡ ᠨᠠᠰᠤ
ᠵᠢᠷᠤᠭ ᠤᠨ ᠳᠤᠳᠤᠷᠠᠭᠢ ᠴᠡᠴᠡᠭ᠌
ᠰᠢᠯᠦᠭ᠌ ᠤᠨ ᠳᠤᠳᠤᠷᠠᠭᠢ ᠰᠢᠪᠠᠭᠤᠨ ᠳᠤ ᠴᠤ ᠭᠦᠷᠭᠦ ᠦᠭᠡᠶ ᠡ
ᠠᠮᠢᠳᠤ ᠳᠠᠭᠠᠨ ᠳᠠᠷᠠ ᠰᠠᠢ᠌ᠨ ᠭᠦᠮᠤᠨ ᠶᠠᠪᠣᠭᠰᠠᠨ ᠶᠤᠮ ᠡ ᠭᠡᠳᠡᠭ᠌
ᠠᠮᠠ ᠳᠠᠮᠵᠢᠭᠰᠠᠨ ᠭᠡᠳᠦᠭᠡᠨ ᠥᠭᠡᠨ ᠤ ᠰᠠᠯᠭᠢᠨ ᠤ ᠳᠦᠯᠦᠭᠡ
ᠠᠯᠳᠠᠨ ᠨᠠᠷᠠᠨ ᠤ ᠭᠡᠷᠡᠯ ᠢ ᠬᠤᠷᠤᠭᠠᠵᠤ
ᠠᠶ᠎ᠠ ᠵᠢᠷᠭᠠᠬᠤ ᠮᠠᠳᠤ ᠦᠨᠦᠳᠤᠷ ᠶᠢᠡᠨ ᠥᠷᠡᠭᠡᠭᠦ ᠳᠤᠷ᠎ᠠ ᠦᠭᠡᠶ ᠡ
ᠰᠢᠪᠠᠭᠤᠨ ᠤ ᠳᠠᠯᠢ ᠳᠡᠭᠡᠷ᠎ᠡ ᠪᠣᠳᠠᠷᠠᠭᠰᠠᠨ
ᠰᠢᠭᠦᠳᠡᠷᠢ ᠶᠢᠨ ᠮᠥᠭᠦᠯᠢᠭ᠌ ᠮᠠᠳᠤ ᠣᠨ ᠵᠠᠭᠤᠨ
ᠰᠠᠯᠭᠢᠨ ᠤ ᠪᠣᠢ᠌ᠯᠠᠭ᠎ᠠ ᠵᠠᠳᠠᠷᠠᠭᠰᠠᠨ
ᠰᠠᠷᠠᠨ ᠤ ᠮᠥᠷᠦᠭᠡᠳᠦᠯ ᠳᠤ ᠪᠦᠭᠦᠨᠡ
ᠥᠭᠦᠯ ᠮᠠᠳᠤ ᠬᠠᠷᠠᠩᠭ᠋ᠤᠢ ᠬᠤᠭᠤᠰᠤᠨ ᠤ ᠳᠦᠯᠦᠭᠡ
ᠠᠮᠢᠳᠤ ᠭᠦᠮᠤᠨ ᠢ ᠪᠢᠳᠡᠭᠡᠢ ᠳᠦᠭᠡᠷᠢᠭᠦᠯ
ᠦᠨᠦᠳᠤᠷ ᠮᠠᠳᠤ ᠬᠤᠪᠢ ᠵᠠᠶᠠᠭᠠᠨ ᠤ ᠴᠤᠯᠪᠣᠭᠤᠷ ᠢ
ᠥᠷᠦᠭᠡᠯ ᠤᠨ ᠵᠢᠷᠭᠠᠯ ᠳᠤ ᠪᠢᠳᠡᠭᠡᠢ ᠭᠦᠳᠦᠯᠦᠭᠦᠯ
ᠨᠠᠷᠠᠨ ᠤ ᠠᠯᠳᠠᠨ ᠳᠤᠶᠠᠭ᠎ᠠ ᠦᠪᠡᠷ ᠢ ᠪᠠᠨ ᠠᠰᠠᠭᠠᠵᠤ ᠪᠠᠢ᠌ᠳᠠᠭ ᠡᠴᠡ
ᠨᠠᠭᠠᠳᠤ ᠳᠡᠯᠡᠭᠡᠢ ᠳᠠᠭᠢᠨ ᠶᠢᠡᠷ ᠶᠢᠡᠨ ᠵᠢᠷᠭᠠᠯ ᠤᠨ ᠡᠯᠴᠢ ᠭᠡᠵᠤ ᠬᠠᠭᠤᠷᠤᠨ᠎ᠠ
ᠨᠠᠪᠴᠢᠨ ᠳᠡᠭᠡᠭᠦᠷ ᠮᠥᠯᠭᠦᠵᠤ ᠢᠷᠡᠭᠦ ᠦᠨᠦᠳᠤᠷ ᠮᠠᠳᠤ ᠨᠢᠭᠡ ᠨᠠᠰᠤ ᠪᠠᠨ
ᠨᠠᠷᠢᠨ ᠣᠬᠠᠭᠠᠨ ᠳᠤ ᠪᠦᠳᠦᠷᠢᠭ᠍ᠰᠡᠨ ᠨᠠᠷᠠ ᠪᠢᠳᠡᠭᠡᠢ ᠪᠣᠯᠭ᠎ᠠ
ᠡᠪᠠᠰᠤᠨ ᠰᠢᠭᠦᠳᠡᠷᠢ ᠬᠤᠷᠤᠮᠬᠠᠨ᠎ᠠ ᠬᠠᠳᠠᠳᠠᠭ ᠴᠤ
ᠨᠠᠷᠠ ᠪᠣᠯᠤᠭᠰᠠᠨ ᠵᠢᠷᠭᠠᠯ ᠳᠠᠭᠠᠨ ᠰᠠᠢ᠌ᠬᠠᠨ
ᠡᠴᠦᠰ ᠳᠡᠭᠦᠰᠭᠡᠯ ᠦᠭᠡᠶ ᠬᠤᠭᠤᠰᠤᠨ ᠴᠢᠨᠠᠷ ᠲᠤ
ᠨᠠᠳᠠ ᠲᠤᠬᠢᠶᠠᠭᠰᠠᠨ ᠦᠨᠦᠳᠤᠷ ᠯᠠ ᠡᠷᠭᠢᠮ ᠡ
ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2691
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ