ᠨᠡᠪᠲᠡᠷᠡᠨ ᠤᠷᠤᠬᠤ
ᠬᠠᠢ᠌ᠷ᠎ᠠ ᠶᠢ ᠳᠠᠳᠠᠭᠰᠠᠨ ᠬᠤᠷᠴᠢᠨ ᠨᠤᠳᠤᠭ
ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠬᠠᠷᠢᠶᠠᠳᠤ ᠡᠮᠨᠡᠯᠭᠡ ᠶᠢᠨ ᠬᠤᠷᠢᠶ᠎ᠠ ᠳᠤ ᠳᠠᠪᠳᠠᠨ ᠪᠣᠯᠪᠠᠰᠤᠷᠠᠭᠰᠠᠨ ᠳᠤᠷᠠᠰᠬᠠᠯ ᠳ᠋ᠤ


                  ᠨᠢᠭᠡ


ᠠᠯᠤᠰ ᠬᠤᠯᠠ ᠪᠠᠷᠠᠭᠤᠨ ᠮᠤᠩᠭ᠋ᠤᠯ ᠤᠨ ᠥᠡᠳᠦᠷᠯᠢᠭ᠌ ᠡᠴᠡ ᠬᠠᠷᠠᠭᠠᠤᠨ ᠰᠠᠭᠤᠬᠤ ᠳ᠋ᠤ

ᠠᠯᠠᠭ ᠦᠭᠡᠶ ᠴᠠᠢ᠌ᠯᠭᠠᠨ ᠰᠡᠳᠭᠢᠯ ᠤᠨ ᠮᠦᠷᠦᠭᠡᠳᠦᠯ ᠪᠠᠢ᠌ᠭᠰᠠᠨ

ᠠᠩᠭ᠋᠎ᠠ ᠪᠠᠭ᠎ᠠ ᠳᠠᠭᠠᠨ ᠡᠪᠦᠭᠡᠳ ᠤᠨ ᠳᠤᠮᠤᠭ ᠢ ᠠᠮᠳᠠᠷᠬᠠᠨ ᠰᠠᠭᠤᠬᠤ ᠳ᠋ᠤ

ᠠᠭᠤᠳᠠᠮ ᠨᠤᠳᠤᠭ ᠢ ᠥᠵᠡᠭᠦ ᠶᠤᠮᠰᠠᠨ ᠭᠡᠵᠤ ᠵᠡᠭᠦᠳᠦᠯᠡᠳᠡᠭ᠌ ᠪᠠᠢ᠌ᠭᠰᠠᠨ

ᠪᠢᠴᠢᠭ᠌ ᠨᠤᠮ ᠳᠡᠦᠭᠡ ᠰᠤᠳᠤᠷ ᠣᠩᠰᠢᠬᠤ ᠪᠦᠷᠢ

ᠪᠠᠭᠠᠳᠤᠷᠯᠢᠭ ᠳᠡᠭᠡᠳᠦᠰ ᠤᠨ ᠠᠭᠤᠳᠠᠮ ᠨᠤᠳᠤᠭ ᠪᠣᠳᠤᠭᠳᠠᠳᠠᠭ ᠪᠠᠢ᠌ᠭᠰᠠᠨ

ᠠᠯᠳᠠᠨ ᠣᠷᠤᠭ ᠤᠨ ᠬᠤᠯᠪᠣᠭ᠎ᠠ ᠭᠡᠵᠤ ᠠᠪᠣ ᠮᠢᠨᠢ ᠶᠠᠷᠢᠬᠤ ᠪᠦᠷᠢ

ᠣᠴᠢᠵᠤ ᠨᠢᠭᠡ ᠥᠵᠡᠭᠦ ᠶᠤᠮᠰᠠᠨ ᠭᠡᠳᠡᠭ᠌ ᠪᠣᠳᠤᠯ ᠳᠤ ᠪᠠᠨ ᠠᠪᠳᠠᠳᠠᠭ ᠪᠠᠢ᠌ᠭᠰᠠᠨ

ᠭᠦᠷᠴᠤ ᠴᠢᠳᠠᠰᠢ ᠦᠭᠡᠶ ᠠᠯᠤᠰ ᠭᠠᠵᠠᠷ ᠭᠡᠵᠤ ᠡᠵᠢ ᠶᠢᠨ ᠭᠡᠯᠡᠭᠦ ᠶᠢ ᠰᠤᠨᠤᠰᠤᠭᠠᠤᠨ

ᠭᠡᠴᠡᠭᠦᠤ ᠬᠤᠯᠠ ᠭᠠᠵᠠᠷ ᠪᠠᠢ᠌ᠨ᠎ᠠ ᠭᠡᠵᠤ ᠰᠠᠨᠠᠭ᠎ᠠ ᠵᠤᠪᠠᠳᠠᠭ ᠪᠠᠢ᠌ᠭᠰᠠᠨ

ᠭᠦᠰᠡᠯ ᠤᠨ ᠠᠭᠤᠳᠠᠮ ᠬᠤᠷᠸ᠎ᠠ ᠭᠡᠵᠤ ᠰᠠᠳᠭᠢᠨ ᠪᠣᠳᠤᠵᠤ ᠶᠠᠪᠣᠬᠤ ᠳᠤ ᠪᠠᠨ

ᠦᠷᠯᠦᠭ᠌ ᠮᠤᠩᠭ᠋ᠤᠯᠴᠤᠳ ᠤᠨ ᠡᠵᠢ ᠨᠤᠳᠤᠭ ᠭᠡᠵᠤ ᠪᠠᠬᠠᠷᠬᠠᠨ ᠳᠤᠷᠠᠰᠳᠠᠭ ᠪᠠᠢ᠌ᠭᠰᠠᠨ

ᠵᠠᠪᠰᠢᠶᠠᠨ ᠳᠠᠭᠠᠷᠠᠵᠤ ᠬᠤᠷᠴᠢᠨ ᠨᠤᠳᠤᠭ ᠶᠢᠡᠷ ᠵᠤᠷᠴᠢᠬᠤ ᠪᠣᠯᠬᠤ ᠳ᠋ᠤ

ᠵᠡᠭᠦᠳᠤᠨ ᠤ ᠭᠦᠰᠡᠯ ᠠᠭᠱᠠᠨ ᠵᠠᠭᠤᠷ᠎ᠠ ᠪᠠᠶᠡᠯᠡᠭ᠍ᠳᠡᠵᠤ

ᠬᠤᠯᠠ ᠨᠤᠳᠤᠭ ᠤᠢ᠌ᠷᠠᠤᠨ ᠭᠦᠤ ᠶᠢᠨ ᠨᠢᠳᠤᠨ ᠤ ᠬᠠᠷᠠᠭᠠᠨ ᠳ᠋ᠤ

ᠬᠠᠨᠠᠭᠠᠷ ᠠᠭᠤᠳᠠᠮ ᠬᠤᠷᠴᠢᠨ ᠨᠤᠳᠤᠭ ᠤᠨ ᠪᠠᠷ᠎ᠠ ᠳᠤᠳᠤᠷᠠᠵᠤ ᠪᠢᠯᠠ ᠡ ︕


                     ᠬᠤᠶᠠᠷ


ᠳᠡᠭ᠍ᠷᠢᠯᠢᠭ᠌ ᠴᠢᠩᠭᠢᠰ ᠤᠨ ᠠᠭᠳᠠ ᠶᠢᠨ ᠳᠤᠭᠤᠷᠠᠢ

ᠳᠡᠯᠭᠡᠷ ᠬᠤᠷᠸ᠎ᠠ ᠶᠢ ᠦᠨᠳᠦᠰᠦ ᠪᠠᠷ ᠨᠢ ᠬᠤᠯᠪᠣᠭᠰᠠᠨ

ᠳᠠᠳᠠᠵᠤ ᠳᠠᠰᠤᠷᠠᠰᠢ ᠦᠭᠡᠶ ᠪᠠᠳᠤ ᠭᠡᠯᠭᠢᠶ᠎ᠡ ᠳᠠᠢ

ᠲᠦᠮᠡᠨ ᠨᠤᠳᠤᠭ ᠢ ᠭᠦᠢᠰᠤ ᠪᠠᠷ ᠨᠢ ᠵᠠᠯᠭᠠᠭᠰᠠᠨ

ᠦᠨᠳᠦᠷ ᠰᠦᠷᠯᠢᠭ᠌ ᠳᠡᠭ᠍ᠷᠢ ᠠᠭᠤᠯᠠ ᠶᠢᠨ ᠰᠠᠷᠢᠳᠠᠭ ᠣᠷᠭᠢᠯ ᠡᠴᠠ

ᠦᠷᠭᠡᠨ ᠠᠭᠤᠵᠢᠮ ᠬᠤᠷᠴᠢᠨ ᠤ ᠳᠠᠯ᠎ᠠ ᠨᠤᠳᠤᠭ ᠭᠦᠷᠳᠡᠯ᠎ᠡ

ᠡᠪᠦᠭᠡᠨ ᠪᠣᠭᠤᠷᠠᠯ ᠠᠯᠳᠠᠢ ᠶᠢᠨ ᠨᠢᠷᠤᠭᠤᠨ ᠡᠴᠡ

ᠦᠨᠢᠷ ᠪᠠᠶᠠᠯᠢᠭ ᠣᠮᠠᠷᠠᠳᠤ ᠶᠢᠨ ᠣᠷᠤᠨ ᠭᠦᠷᠳᠡᠯ᠎ᠡ

ᠣᠳᠤᠮᠳᠤ ᠮᠤᠩᠭ᠋ᠤᠯ ᠤᠨ ᠠᠯᠳᠠᠨ ᠥᠯᠦᠭᠡᠢ ᠪᠣᠯᠤᠭᠰᠠᠨ

ᠦᠷᠯᠦᠭ᠌ ᠣᠭᠰᠠᠭᠠᠳᠠᠨ ᠤ ᠪᠠᠳᠤ ᠬᠤᠯᠪᠣᠭ᠎ᠠ ᠪᠠᠢ᠌ᠭᠤᠯᠤᠭᠰᠠᠨ

ᠢᠰᠡᠭᠡᠢ ᠳᠤᠭᠤᠷᠠᠭᠠᠳᠠᠨ ᠤ ᠣᠮᠤᠭ ᠰᠦᠷ ᠵᠢᠠᠷ

ᠠᠽᠢᠶ᠎ᠠ᠂ ᠧᠦ᠋ᠷᠦᠫᠡ ᠶᠢᠨ ᠠᠭᠤᠳᠠᠮ ᠭᠢᠵᠠᠭᠠᠷ ᠢ ᠨᠢᠭᠡᠳᠭᠡᠭ᠍ᠰᠡᠨ

ᠮᠤᠩᠭ᠋ᠤᠯ ᠮᠤᠷᠢ ᠨᠢ ᠢᠳᠠ ᠭᠦᠴᠤ ᠪᠠᠷ

ᠮᠥᠩᠭᠡ ᠳᠡᠯᠡᠭᠡᠢ ᠳᠤ ᠠᠯᠳᠠᠷ ᠨᠠᠷ᠎ᠠ ᠪᠠᠨ ᠭᠠᠢ᠌ᠬᠠᠭᠤᠯᠤᠭᠰᠠᠨ

ᠮᠤᠩᠭ᠋ᠤᠯ ᠣᠯᠠᠨ ᠦᠦ᠂ ᠮᠤᠳᠤ ᠣᠯᠠᠨ ᠦᠦ ᠭᠡᠵᠤ

ᠦᠷᠦᠭᠡᠯ ᠦᠨᠳᠦᠰᠦᠳᠠᠨ ᠱᠠᠭᠰᠢᠷᠠᠵᠤ ᠪᠠᠢ᠌ᠭᠰᠠᠨ

ᠮᠤᠩᠭ᠋ᠤᠯ ᠮᠤᠷᠢ ᠰᠢᠳᠢᠳᠠᠢ ᠦᠦ ᠷᠢᠳᠢᠳᠠᠢ ᠦᠦ ᠭᠡᠵᠤ

ᠲᠦᠰᠤᠷ ᠨᠤᠳᠤᠭ ᠪᠢᠰᠢᠷᠠᠵᠤ ᠪᠠᠢ᠌ᠭᠰᠠᠨ

ᠮᠤᠩᠭ᠋ᠤᠯ ᠭᠡᠳᠡᠭ᠌ ᠨᠠᠷ᠎ᠠ ᠳᠡᠭ᠍ᠷᠢ ᠡᠴᠡ ᠵᠠᠶᠠᠭᠠᠭᠰᠠᠨ ᠠᠯᠳᠠᠷ ᠪᠠᠢ᠌ᠵᠠᠢ ︕

ᠮᠤᠩᠭ᠋ᠤᠯ ᠴᠡᠷᠢᠭ᠌ ᠤᠨ 《ᠣᠤᠬᠠᠢ》  ᠡᠩᠬᠡ ᠪᠠᠢ᠌ᠭᠠᠯᠢ ᠶᠢᠨ ᠴᠤᠤᠷᠢᠶ᠎ᠠ ᠪᠠᠢ᠌ᠵᠠᠢ  ︕


                      ᠭᠤᠷᠪᠠ


ᠪᠣᠭᠳᠠ ᠨᠤᠶᠠᠨ ᠬᠠᠪᠣᠳᠤ ᠬᠠᠰᠠᠷ ᠤᠨ ᠬᠣᠢ᠌ᠴᠢ ᠦᠶ᠎ᠡ

ᠪᠣᠭᠤᠷᠤᠯ ᠨᠤᠳᠤᠭ ᠤᠨ ᠡᠵᠡᠨ ᠰᠠᠭᠢᠭᠤᠯᠰᠤᠨ ᠬᠤᠷᠴᠢᠨ ᠭᠦᠮᠦᠰ

ᠬᠠᠢ᠌ᠷᠠᠳᠠᠢ ᠨᠤᠳᠤᠭ ᠶᠢᠡᠨ ᠴᠢᠰᠤ ᠪᠠᠷ ᠶᠢᠡᠨ ᠬᠠᠮᠭᠠᠯᠠᠭᠰᠠᠨ ᠭᠠᠪᠢᠶᠠᠳᠠᠨ

ᠬᠠᠳᠠᠨ ᠵᠤᠷᠢᠭᠳᠠᠢ ᠭᠠᠳᠠ ᠮᠠᠢ᠌ᠷᠠᠨ ᠤ ᠣᠮᠤᠭ

ᠪᠣᠷᠤᠩᠬᠠᠢ ᠳᠠᠢ᠌ᠰᠤᠨ ᠲᠡᠶ ᠠᠰ ᠳᠤᠯᠤᠨ ᠳᠡᠮᠡᠴᠡᠭ᠍ᠰᠡᠨ

ᠪᠣᠳᠤᠯᠠᠭᠠᠳᠤ ᠴᠢᠨ ᠸᠠᠩ ᠰᠡᠩᠭᠡᠷᠢᠡᠴᠢᠨ ᠤ ᠰᠦᠰᠦ

ᠬᠤᠷᠴᠢᠨ ᠭᠦᠮᠦᠰ ᠤᠨ ᠰᠤᠳᠠᠯ ᠤᠨ ᠭᠦᠶ‍ᠦᠳᠡᠯ ᠶᠢᠡᠷ ᠣᠯᠠᠰᠢᠷᠠᠵᠤ ᠪᠠᠢ᠌ᠳᠠᠭ ᠡ

ᠬᠤᠷᠴᠢᠨ ᠨᠤᠳᠤᠭ ᠲᠤ ᠳᠠᠭᠤᠤ ᠪᠣᠯᠤᠨ ᠬᠠᠩᠭᠢᠨᠠᠵᠤ ᠪᠠᠢ᠌ᠳᠠᠭ ᠡ

ᠣᠩᠭ᠋ᠤᠨ ᠳᠡᠭ᠍ᠷᠢ ᠶᠢᠨ ᠰᠢᠳᠢ ᠣᠷᠤᠰᠢᠭᠰᠠᠨ

ᠣᠯᠠᠮᠵᠢᠯᠠᠯᠳᠤ ᠮᠤᠩᠭ᠋ᠤᠯ ᠤᠨ ᠠᠨᠠᠭᠠᠬᠤ ᠣᠬᠠᠭᠠᠨ

ᠦᠶ᠎ᠡ ᠶᠢᠨ ᠦᠶ᠎ᠡ ᠳᠤ ᠪᠠᠨ ᠦᠨᠳᠦᠰᠦ ᠵᠠᠯᠭᠠᠵᠤ

ᠤᠢ᠌ᠷ᠎ᠡ ᠬᠤᠯᠠ ᠳᠤ ᠪᠠᠨ ᠭᠠᠢ᠌ᠬᠠᠭᠳᠠᠵᠤ ᠪᠠᠢ᠌ᠨ᠎ᠠ

ᠪᠦᠭᠡ ᠮᠦᠷᠭᠦᠯ ᠡᠴᠡ ᠡᠭᠢ ᠡᠭᠦᠰᠦᠯ ᠳᠠᠢ

ᠪᠣᠷᠬᠠᠨ ᠪᠠᠷᠢᠶᠠᠴᠢ ᠶᠢᠨ ᠡᠷᠳᠡᠮ ᠮᠡᠷᠭᠡᠵᠢᠯ

ᠵᠣᠢ᠌ᠯ ᠤᠨ ᠡᠪᠡᠳᠴᠢᠨ ᠤ ᠳᠠᠷᠤᠯᠭ᠎ᠠ ᠪᠣᠯᠤᠭᠰᠠᠨ

ᠵᠠᠰᠠᠯ ᠤᠨ ᠣᠬᠠᠭᠠᠨ ᠤ ᠣᠠᠴᠠᠭᠠᠢ ᠡᠮᠴᠢᠯᠡᠭᠡ

ᠳᠠᠷᠬᠠᠨ ᠣᠯᠤᠰ ᠲᠤ ᠪᠠᠨ ᠪᠢᠰᠢᠷᠡᠭ᠍ᠳᠡᠵᠤ ᠪᠠᠢ᠌ᠨ᠎ᠠ

ᠳᠠᠶᠠᠩ ᠳᠡᠯᠡᠭᠡᠢ ᠳᠤ ᠱᠠᠭᠰᠢᠭᠳᠠᠵᠤ ᠪᠠᠢ᠌ᠨ᠎ᠠ


                ᠳᠦᠷᠪᠡ


ᠣᠴᠠᠷᠠᠨ᠎ᠠ ᠭᠡᠳᠡᠭ᠌ ᠣᠷᠢᠳᠤ ᠶᠢᠨ ᠳᠠᠩᠭ᠋ᠠᠷᠢᠭ ᠪᠠᠢ᠌ᠭᠰᠠᠨ ᠪᠢᠯᠠ ᠤᠤ

ᠣᠯᠠᠭᠠᠨ ᠴᠢᠷᠠᠢ ᠲᠡᠶ ᠮᠤᠩᠭ᠋ᠤᠯᠴᠤᠳ ᠤᠨ ᠵᠢᠰᠤ ᠢᠵᠢᠯᠢᠭᠡᠨ ᠪᠠᠢ᠌ᠨ᠎ᠠ

ᠬᠠᠮᠢᠭ᠎ᠠ ᠠᠭᠤᠯᠵᠠᠵᠤ ᠥᠩᠭᠡᠷᠡᠭ᠍ᠰᠡᠨ ᠳᠠᠨᠢᠯ ᠭᠡᠮᠡᠷ

ᠬᠠᠯᠠᠭᠤᠨ ᠰᠠᠢ᠌ᠬᠠᠨ ᠰᠡᠳᠭᠢᠯ ᠳᠤᠯᠠᠭᠠᠨ ᠯᠠ ᠪᠠᠢ᠌ᠨ᠎ᠠ

ᠣᠮᠤᠭ ᠲᠡᠶ ᠳᠦᠷᠦᠭ᠍ᠰᠡᠨ ᠣᠯᠠᠭᠠᠨ ᠵᠠᠯᠠᠭᠠᠳᠠᠨ ᠮᠤᠩᠭ᠋ᠤᠯ ᠯᠠ ᠪᠠᠢ᠌ᠨ᠎ᠠ

ᠣᠳᠤᠮᠳᠤ ᠮᠤᠩᠭ᠋ᠤᠯ ᠤᠨ ᠵᠠᠩ ᠶᠢᠡᠨ ᠬᠠᠳᠠᠭᠠᠯᠠᠭᠰᠠᠨ

ᠣᠭ ᠶᠢᠠᠨ ᠵᠠᠯᠭᠠᠭᠰᠠᠨ ᠣᠬᠠᠭᠠᠠᠳᠤ ᠰᠠᠴᠠᠨ ᠭᠦᠮᠦᠰ ᠯᠠ ᠪᠠᠢ᠌ᠨ᠎ᠠ

ᠬᠠᠯᠠᠭᠤᠨ ᠴᠠᠢ ᠴᠠᠭᠠᠨ ᠢᠳᠡᠭᠡ ᠰᠢᠷᠡᠭᠡ ᠳᠦᠭᠦᠷᠡᠩ

ᠬᠤᠯᠢᠮᠠᠭ ᠦᠭᠡᠶ ᠮᠤᠩᠭ᠋ᠤᠯ ᠭᠡᠯᠡ ᠴᠢᠭᠢᠨ ᠳᠤ ᠰᠤᠨᠤᠰᠬᠤᠯᠠᠩᠳᠠᠢ

ᠳᠠᠭᠤᠯᠠᠭᠠᠤᠨ ᠳᠠᠭᠤᠯᠠᠭᠠᠤᠨ ᠪᠠᠷᠠᠰᠢ ᠥᠭᠡᠢ

ᠣᠷᠳᠤ ᠶᠢᠨ ᠰᠠᠢ᠌ᠬᠠᠨ ᠮᠤᠩᠭ᠋ᠤᠯ ᠳᠠᠭᠤᠤ ᠳᠠᠢ

ᠰᠤᠨᠤᠰᠤᠭᠠᠤᠨ ᠰᠤᠨᠤᠰᠤᠭᠠᠤᠨ ᠪᠠᠷᠠᠰᠢ ᠥᠭᠡᠢ

ᠣᠶᠠᠩᠭ᠋ᠠᠳᠤ ᠴᠡᠭᠡᠯᠭᠡᠨ ᠬᠤᠭᠤᠷ ᠤᠨ ᠡᠭᠡᠰᠢᠭ᠌ ᠳᠠᠢ

ᠰᠤᠨᠤᠷᠯᠠᠭᠠᠤᠨ ᠰᠤᠨᠤᠷᠯᠠᠭᠠᠤᠨ ᠳᠠᠭᠤᠰᠤᠰᠢ ᠥᠭᠡᠢ

ᠣᠬᠠᠭᠠᠨ ᠲᠡᠶ ᠮᠤᠩᠭ᠋ᠤᠯ ᠤᠨ ᠣᠯᠠᠮᠵᠢᠯᠠᠯᠳᠤ ᠮᠡᠷᠭᠡᠵᠢᠯ ᠳᠠᠢ

ᠰᠤᠳᠤᠯᠤᠭᠠᠤᠨ ᠰᠤᠳᠤᠯᠤᠭᠠᠤᠨ ᠳᠠᠭᠤᠰᠤᠰᠢ ᠥᠭᠡᠢ

ᠦᠨᠢ ᠮᠥᠩᠭᠡ ᠶᠢᠨ ᠮᠤᠩᠭ᠋ᠤᠯ ᠤᠨ ᠳᠡᠦᠭᠡ ᠲᠡᠶ

ᠡᠷᠳᠡᠮᠳᠡᠨ ᠮᠡᠷᠭᠡᠳ ᠴᠤᠯᠠᠭᠤᠷᠠᠨ ᠭᠠᠷᠳᠠᠭ

ᠣᠩᠭ᠋ᠤᠳ ᠬᠤᠪᠢᠯᠭᠠᠨ ᠦᠷᠦᠰᠢᠶᠡᠭ᠍ᠰᠡᠨ ᠨᠤᠳᠤᠭ ᠡ ︕

ᠣᠯᠠᠮᠵᠢᠯᠠᠯᠳᠤ ᠰᠤᠶᠤᠯ ᠶᠢᠡᠨ ᠡᠷᠭᠦᠨ ᠪᠣᠰᠤᠭᠰᠠᠨ

ᠠᠪᠢᠶᠠᠰ ᠪᠢᠯᠢᠭ᠍ᠳᠡᠨ ᠤ ᠣᠪᠠᠳᠢᠰ ᠤᠨ ᠣᠷᠤᠨ ᠡ  ︕


                ᠲ᠋ᠠᠪᠣ


ᠠᠯᠤᠰ ᠡᠴᠡ ᠢᠷᠡᠭ᠍ᠰᠡᠨ ᠤᠢ᠌ᠷᠠᠤᠨ ᠭᠦᠤ ᠶᠢᠨ ᠰᠡᠳᠭᠢᠯ ᠳ᠋ᠤ

ᠠᠰᠠᠵᠤ ᠳᠦᠷᠡᠯᠵᠡᠭ᠍ᠰᠡᠨ ᠬᠠᠢ᠌ᠷ᠎ᠠ ᠶᠢᠨ ᠣᠶᠠᠩᠭ᠋᠎ᠠ

ᠠᠯᠳᠠᠨ ᠶᠠᠰᠤᠨ ᠤ ᠭᠡᠯᠳᠡᠷᠭᠡᠢ ᠪᠣᠯᠤᠭᠰᠠᠨ

ᠨᠤᠨ ᠬᠤᠷᠴᠢᠨ ᠤ ᠮᠤᠩᠭ᠋ᠤᠯ ᠣᠭᠰᠠᠭᠠᠳᠠᠨ

ᠠᠯᠠᠭ ᠮᠢᠬᠠᠨ ᠤ ᠳᠠᠰᠤᠷᠬᠠᠢ ᠪᠣᠯᠤᠭᠰᠠᠨ

ᠡᠪᠦᠭᠡ ᠨᠢᠭᠡᠳᠡᠨ ᠤ ᠠᠷᠢᠭᠤᠨ ᠥᠯᠦᠭᠡᠢ

ᠣᠩᠭ᠋ᠤᠨ ᠳᠡᠭ᠍ᠷᠢ ᠶᠢᠨ ᠪᠣᠷᠬᠠᠨ ᠤ ᠢᠪᠠᠭᠡᠨ ᠦᠷᠦᠰᠢᠶᠡᠭ᠍ᠰᠡᠨ

ᠠᠵᠠ ᠵᠢᠷᠭᠠᠯ ᠤᠨ ᠬᠤᠪᠢᠳᠠᠢ ᠨᠤᠳᠤᠭ

ᠭᠦᠮᠤᠨ ᠠᠷᠠᠤᠨ ᠨᠢ ᠪᠠᠶᠠᠰᠤᠨ ᠴᠡᠩᠭᠡᠭ᠍ᠰᠡᠨ

ᠭᠦᠭᠡ ᠮᠤᠩᠭ᠋ᠤᠯ ᠤᠨ ᠰᠦᠯᠳᠡ ᠲᠡᠶ ᠨᠤᠳᠤᠭ

ᠪᠣᠰᠤᠭ᠎ᠠ ᠥᠰᠦᠭ᠌ ᠤᠨ ᠢᠳᠠ ᠪᠠᠳᠠᠷᠠᠭᠠᠭᠰᠠᠨ

ᠪᠣᠯᠪᠠᠰᠤᠨ ᠰᠤᠶᠤᠯ ᠤᠨ ᠠᠯᠳᠠᠨ ᠭᠤᠯᠤᠮᠳᠠ

ᠡᠪᠦᠭᠡ ᠳᠡᠭᠡᠳᠦᠰ ᠤᠨ ᠭᠡᠰᠢᠭ᠌ ᠭᠦᠷᠳᠡᠭ᠍ᠰᠡᠨ

ᠦᠨᠢᠷ ᠪᠠᠶᠠᠨ ᠮᠤᠩᠭ᠋ᠤᠯ ᠤᠨ ᠣᠷᠤᠨ ᠡ  ︕

ᠦᠷᠨᠢᠨ ᠭᠦᠭ᠍ᠵᠢᠵᠤ ᠪᠠᠢ᠌ᠭ᠎ᠠ ᠬᠤᠷᠴᠢᠨ ᠨᠤᠳᠤᠭ ᠲᠤ ᠪᠠᠨ

ᠢᠷᠡᠭᠦ ᠮᠠᠷᠭᠠᠰᠢ ᠨᠢ ᠭᠡᠭᠡᠨ ᠰᠠᠷᠠᠭᠤᠯ ᠪᠣᠯᠬᠤ ᠶᠢ ᠵᠦᠩᠨᠠᠶ᠎ᠠ  ︕

ᠣᠭᠰᠠᠭ᠎ᠠ ᠰᠠᠢ᠌ᠳᠠᠢ ᠬᠤᠷᠴᠢᠨ ᠭᠦᠮᠦᠰ ᠤᠨ

ᠡᠩᠬᠡ ᠵᠠᠶᠠᠭ᠎ᠠ ᠮᠥᠩᠭᠡ ᠵᠢᠷᠭᠠᠯ ᠢ ᠪᠠᠯᠭᠡᠳᠡᠶ᠎ᠡ  ︕


                  ᠦᠪᠣᠷ ᠮᠤᠩᠭ᠋ᠤᠯ ᠤᠨ ᠲᠦᠩᠯᠢᠶᠤᠤ ᠬᠤᠳᠠ ᠳ᠋ᠤ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ᠂   ᠪᠣᠷᠤᠳᠠᠯ᠎ᠠ

ᠵᠤᠬᠢᠶᠠᠭᠴᠢ᠄ ᠥᠭᠡᠯᠡᠳ·ᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2012 ᠤᠨ ᠤ 02 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ