ᠨᠡᠪᠲᠡᠷᠡᠨ ᠤᠷᠤᠬᠤ
ᠶᠠᠭᠠᠭᠢᠴᠢᠬᠠᠭᠰᠠᠨ ᠶᠤᠮ ᠪᠣᠢ

ᠠᠳᠠᠭ᠎ᠠ ᠪᠠᠷᠢᠵᠤ ᠪᠢᠳᠠ ᠪᠠᠰᠠ ᠨᠢᠭᠡ ᠥᠵᠡᠭᠦᠯᠵᠤ ᠪᠣᠯᠬᠤ ᠦᠭᠡᠶ ᠦᠦ

ᠠᠽᠢᠶ᠎ᠠ ᠧᠥᠷᠦᠫ ᠢ ᠰᠤᠠᠳᠠᠯᠠᠵᠤ ᠡᠵᠡᠯᠡᠭ᠍ᠰᠡᠨ ᠠᠪᠣᠷᠭᠤᠴᠤᠳ ᠪᠠᠢ᠌ᠭᠠᠤᠨ

ᠴᠠᠪᠴᠢᠵᠤ ᠣᠷᠤᠬᠤ ᠳᠤ ᠰᠥᠭᠦᠳᠦᠭ᠍ᠰᠡᠨ ᠣᠷᠤᠰ ᠤᠳ ᠭᠦᠭ᠍ᠵᠢᠵᠤ ᠭᠠᠷᠤᠨ᠎ᠠ

ᠴᠠᠭᠠᠨ ᠭᠡᠷᠡᠮ ᠤᠨ ᠴᠠᠭᠠᠭᠤᠷ ᠨᠤᠳᠤᠭᠳᠠᠨ ᠰᠡᠷᠭᠦᠵᠤ ᠡᠭᠢᠯᠡᠨ᠎ᠡ

ᠶᠠᠪᠠ ᠳᠦᠯᠡᠢ ᠰᠤᠬᠤᠷ ᠶᠢᠡᠷ ᠰᠠᠭᠤᠭᠠᠤᠨ ᠯᠠ ᠪᠠᠢ᠌ᠬᠤ ᠦᠦ

ᠶᠠᠭᠠᠭᠢᠴᠢᠬᠠᠭᠰᠠᠨ ᠪᠣᠢ ᠮᠤᠩᠭ᠋ᠤᠯᠴᠤᠳ ᠮᠢᠨᠢ

ᠣᠮᠤᠭ ᠵᠢᠭᠠᠵᠤ ᠮᠥᠩᠭᠡ ᠭᠠᠯ ᠶᠢᠡᠨ ᠳᠦᠷᠡᠯᠵᠡᠭᠦᠯᠭᠦ ᠨᠢ ᠳᠠᠭᠠᠷᠠᠨ᠎ᠠ

ᠣᠬᠠᠭ᠎ᠠ ᠣᠷᠤᠵᠤ ᠨᠢᠭᠡ ᠶᠢ ᠰᠠᠳᠭᠢᠨ ᠭᠦᠳᠡᠯᠭᠦ ᠨᠢ ᠳᠠᠭᠠᠷᠠᠨ᠎ᠠ

ᠣᠷᠤᠭᠤᠳᠤᠭᠰᠠᠨ ᠳᠡᠦᠭᠡ ᠡᠴᠡ ᠪᠠᠨ ᠪᠣᠴᠠᠵᠤ ᠪᠣᠰᠬᠤ ᠨᠢ ᠳᠠᠭᠠᠷᠠᠨ᠎ᠠ

ᠣᠠᠳᠠᠭᠰᠠᠨ ᠨᠣᠢ᠌ᠷ ᠡᠴᠡ ᠪᠠᠨ ᠣᠳᠤ ᠰᠡᠷᠢᠭᠦ ᠨᠢ ᠳᠠᠭᠠᠷᠠᠨ᠎ᠠ

ᠥᠪᠠᠷᠳᠡᠭᠡᠨ ᠵᠠᠰᠠᠬᠤ ᠣᠷᠤᠨ ᠤ ᠬᠠᠤᠯᠢ ᠦᠨᠡᠨ ᠶᠢᠡᠷ ᠶᠢᠡᠨ ᠪᠣᠢ

ᠡᠪ ᠬᠠᠮᠳᠤ ᠨᠠᠮ ᠤᠨ ᠦᠨᠳᠦᠰᠦᠳᠠᠨ ᠤ ᠪᠣᠳᠤᠯᠭ᠎ᠠ ᠠᠭᠤᠤ ᠪᠠᠷ ᠶᠢᠡᠨ ᠪᠣᠢ

ᠲ᠋ᠤᠤᠭᠠᠷᠬᠤ ᠦᠭᠡᠶ

ᠦᠨᠳᠦᠰᠦᠨ ᠬᠠᠤᠯᠢ ᠶᠢ ᠠᠳᠬᠤᠵᠤ ᠪᠠᠢ᠌ᠭᠠᠤᠨ

ᠬᠠᠷᠢᠭᠤᠴᠠᠬᠤ ᠦᠭᠡᠶ

ᠦᠷ᠎ᠡ ᠬᠣᠢ᠌ᠴᠢᠰ ᠶᠢᠡᠨ ᠪᠣᠳᠤᠵᠤ ᠪᠠᠢ᠌ᠭᠠᠤᠨ

ᠬᠤᠷᠢᠭᠯᠠᠬᠤ ᠦᠭᠡᠶ

ᠥᠷᠦᠭᠡᠯ ᠤᠨ ᠣᠯᠤᠰ ᠢᠷᠡᠭᠡᠳ ᠠᠪᠬᠤ ᠳᠤ

ᠠᠰᠢᠭᠯᠠᠬᠤ ᠦᠭᠡᠶ

ᠥᠷᠭᠦᠯᠵᠢ ᠳᠡᠷᠭᠡᠳᠡ ᠨᠢ ᠰᠠᠭᠤᠵᠤ ᠪᠠᠢ᠌ᠭᠠᠤᠨ

ᠭᠢᠮᠠᠭᠠᠳᠠᠬᠤ ᠦᠭᠡᠶ

ᠦᠨ᠎ᠡ ᠥᠷᠳᠡᠭ᠌ ᠢ ᠨᠢ ᠮᠠᠳᠠᠵᠤ ᠪᠠᠢ᠌ᠭᠠᠤᠨ

ᠬᠠᠮᠠᠭᠠᠯᠠᠬᠤ ᠦᠭᠡᠶ

ᠦᠪᠡᠷ ᠤᠨ ᠶᠠᠭᠤᠮ᠎ᠠ ᠪᠠᠨ ᠬᠠᠷᠠᠵᠤ ᠪᠠᠢ᠌ᠭᠠᠤᠨ

ᠭᠠᠷᠭᠠᠭᠠᠤᠨ ᠭᠠᠷᠭᠠᠭᠠᠤᠨ ᠵᠥᠭᠡᠭᠡᠨ᠎ᠡ

ᠭᠠᠵᠠᠷ ᠡᠴᠡ

ᠨᠤᠷᠠᠭᠠᠤᠨ ᠨᠤᠷᠠᠭᠠᠤᠨ ᠡᠵᠡᠯᠡᠨ᠎ᠡ

ᠨᠤᠳᠤᠭ ᠢ

ᠶᠠᠪᠠ ᠳᠦᠯᠡᠢ ᠰᠤᠬᠤᠷ ᠶᠢᠡᠷ ᠰᠠᠭᠤᠬᠤ ᠳᠤ ᠴᠢᠨᠢ

ᠶᠠᠭᠠᠭᠢᠴᠢᠬᠠᠭᠰᠠᠨ ᠪᠣᠢ ᠮᠤᠩᠭ᠋ᠤᠯᠴᠤᠳ ᠮᠢᠨᠢ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2876
ᠴᠠᠭ᠄ 2009 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ