ᠨᠡᠪᠲᠡᠷᠡᠨ ᠤᠷᠤᠬᠤ
ᠡᠷᠳᠡ ᠨᠠᠮᠤᠷ ᠤᠨ ᠪᠣᠷᠤᠭ᠎ᠠ

ᠡᠮᠵᠡᠭ᠌ ᠰᠡᠳᠭᠢᠯ ᠢ ᠰᠢᠮᠰᠢᠷᠡᠭᠦᠯᠵᠤ

ᠡᠷᠳᠡ ᠨᠠᠮᠤᠷ ᠤᠨ ᠪᠣᠷᠤᠭ᠎ᠠ

ᠡᠩᠭᠡᠷ ᠳᠡᠪᠳᠦᠭᠡᠵᠤ ᠵᠦᠰᠠᠷᠠᠨ᠎ᠡ

ᠬᠠᠶᠠᠯᠠᠨ ᠣᠨᠠᠬᠤ ᠰᠢᠷᠭᠠᠯ ᠨᠠᠪᠴᠢᠰ ᠵᠢᠠᠨ

ᠬᠠᠷᠠᠨ ᠬᠠᠷᠠᠨ ᠰᠡᠭᠦᠷᠡᠰᠦᠯᠡᠵᠤ

ᠰᠠᠯᠠᠭ᠎ᠠ ᠮᠦᠴᠢᠷ ᠨᠢ ᠰᠢᠩᠭᠡᠷᠡᠭ᠍ᠰᠡᠨ

ᠰᠠᠭᠯᠠᠭᠠᠷ ᠮᠤᠳᠤᠨ ᠤ ᠳᠤᠤᠷ᠎ᠠ

ᠰᠠᠨᠠᠭ᠎ᠠ ᠣᠶᠠᠷᠠᠨ ᠰᠠᠭᠤᠬᠤ ᠳ᠋ᠤ

ᠡᠭᠡ ᠭᠠᠵᠠᠷ ᠲᠠᠭᠠᠨ ᠰᠢᠮᠡᠳᠭᠦ

ᠡᠷᠳᠡ ᠨᠠᠮᠤᠷ ᠤᠨ ᠪᠣᠷᠤᠭᠠᠨ ᠤ ᠳᠤᠰᠤᠯ

ᠣᠢ᠌ᠤᠠᠬᠠᠷ ᠭᠤᠨᠢᠭ ᠤᠨ ᠶᠤᠩᠬᠤᠷ ᠴᠢᠪᠬᠠᠳᠠᠵᠤ

ᠣᠰᠤᠯ ᠡ᠊ᠨᠳᠡᠯ ᠤᠨ ᠥᠯᠢᠭᠡᠷ ᠭᠦᠦᠷᠨᠢᠨ᠎ᠡ

ᠪᠣᠭᠤᠷᠤᠯ ᠡᠵᠢ ᠶᠢᠨ ᠨᠢᠯᠪᠣᠰᠤ ᠶᠢ ᠳᠠᠭᠤᠷᠢᠶᠠᠵᠤ

ᠪᠣᠷᠤᠭᠠᠨ ᠤ ᠳᠤᠰᠤᠯ ᠠᠶᠠᠷᠬᠠᠨ ᠰᠢᠪᠠᠷᠡᠭᠡᠳ

ᠪᠣᠭᠢᠨᠢᠳᠤᠯ ᠭᠦᠡᠳᠦᠷᠡᠭᠦᠯᠵᠤ ᠥᠣᠷᠰᠠᠵᠤ ᠪᠠᠢ᠌ᠨᠠᠮ

ᠳᠤᠯᠭ᠎ᠠ ᠶᠢᠨ ᠭᠠᠯ ᠤᠨ ᠣᠠᠳᠠᠷᠠᠭᠰᠠᠨ ᠴᠤᠭ ᠪᠣᠶᠤ

ᠳᠤᠭᠤᠰᠬᠠᠨ ᠭᠡᠯᠳᠡᠷᠭᠡᠢ ᠲᠡᠶ ᠬᠠᠭᠤᠴᠢᠨ ᠬᠤᠳᠠ ᠶᠢᠨ ᠪᠠᠭᠤᠷᠢ ᠳᠡᠭᠡᠷ᠎ᠡ

ᠢᠵᠢᠯᠢ ᠪᠠᠨ ᠣᠯᠬᠤ ᠦᠭᠡᠶ ᠦᠨᠦᠴᠢᠨ ᠪᠣᠳᠤᠭᠤ

ᠰᠥᠵᠢᠭ᠌ ᠮᠠᠨᠠᠵᠤ ᠨᠢᠯᠪᠣᠰᠤᠷᠠᠨ᠎ᠠ

ᠰᠥᠭᠡᠩᠭᠢ ᠳᠠᠭᠤ ᠲᠡᠶ ᠪᠣᠢ᠌ᠯᠠᠨ᠎ᠠ

ᠡᠭᠡ ᠣᠷᠤᠨ ᠤ ᠮᠢᠨᠢ ᠳᠡᠭ᠍ᠷᠢ ᠡᠴᠡ

ᠡᠮᠳᠡᠷᠡᠵᠤ ᠪᠠᠭᠤᠬᠤ ᠳᠤᠮᠤᠭ ᠰᠢᠭ

ᠡᠷᠳᠡ ᠨᠠᠮᠤᠷ ᠤᠨ ᠪᠣᠷᠤᠭ᠎ᠠ

ᠡᠮᠵᠡᠭ᠌ ᠰᠡᠳᠭᠢᠯ ᠢ ᠰᠢᠮᠰᠢᠷᠡᠭᠦᠯᠵᠤ

ᠡᠩᠭᠡᠷ ᠳᠡᠪᠳᠦᠭᠡᠵᠤ ᠵᠥᠰᠡᠷᠡᠭᠦ ᠶᠤᠮ ᠡ


ᠵᠤᠬᠢᠶᠠᠭᠴᠢ ᠶᠢᠨ ᠬᠠᠶ‍ᠢᠭ ᠄ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2009 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ