ᠨᠡᠪᠲᠡᠷᠡᠨ ᠤᠷᠤᠬᠤ
ᠨᠢᠷᠤᠭᠤᠨ ᠮᠤᠩᠭᠤᠯ ᠪᠠ ᠲᠠᠷᠠᠯᠠᠬᠢᠨ ᠮᠤᠩᠭᠤᠯ

ᠮᠤᠩᠭ᠋ᠤᠯ ᠠᠢ᠌ᠮᠠᠭ ᠠᠩᠬᠠᠨ ᠭᠦᠮᠤᠨ ᠪᠦᠯᠢ ᠪᠠᠷ ᠵᠢᠵᠢᠭ᠍‍ᠬᠡᠨ ᠠᠢ᠌ᠮᠠᠭ ᠪᠠᠢ᠌ᠭᠰᠠᠨ ᠪᠢᠯᠠ᠃ ᠳᠡᠳᠡ ᠡᠷᠭᠦᠨ᠎ᠡ ᠭᠤᠤᠯ ᠤᠨ ᠬᠠᠪᠢ ᠡᠴᠡ ᠪᠠᠷᠠᠭᠤᠠᠰᠢ ᠣᠨᠤᠨ ᠮᠦᠷᠠᠨ᠂ ᠭᠡᠷᠦᠯᠤᠨ ᠮᠦᠷᠠᠨ ᠤ ᠰᠠᠪᠠ ᠭᠠᠵᠠᠷ ᠲᠤ ᠨᠡᠭᠦᠨ ᠢᠷᠠᠵᠤ ᠨᠤᠳᠤᠭᠯᠠᠭᠰᠠᠨ ᠡᠴᠡ ᠬᠣᠢ᠌ᠰᠢ᠂ ᠭᠦᠮᠤᠨ ᠪᠦᠯᠢ ᠨᠢ ᠨᠡᠮᠡᠭ᠍ᠳᠡᠨ᠂ ᠣᠪᠣᠭ ᠠᠢ᠌ᠮᠠᠭ ᠨᠢ ᠣᠯᠠᠰᠢᠷᠠᠵᠤ ᠨᠢᠷᠤᠭᠤᠨ ᠮᠤᠩᠭ᠋ᠤᠯ᠂ ᠳᠠᠷᠠᠯᠠᠭᠢᠨ ᠮᠤᠩᠭ᠋ᠤᠯ ᠭᠡᠵᠤ ᠬᠤᠶᠠᠷ ᠶᠡᠭᠡ ᠰᠠᠯᠪᠣᠷᠢ ᠪᠣᠯᠵᠤ ᠭᠦᠭ᠍ᠵᠢᠭᠦ ᠪᠣᠯᠪᠠ᠃ ᠨᠢᠷᠤᠭᠤᠨ ᠮᠤᠩᠭ᠋ᠤᠯ ᠭᠡᠳᠡᠭ᠌ ᠨᠢ ᠴᠢᠩᠭᠢᠰ ᠬᠠᠭᠠᠨ ᠤ ᠠᠷᠪᠠᠨ ᠨᠢᠭᠡᠳᠦᠭᠡᠷ ᠦᠶ᠎ᠡ ᠶᠢᠨ ᠡᠮᠡᠭ᠍ᠳᠡᠢ ᠳᠡᠭᠡᠳᠦᠰ ᠠᠯᠤᠨ ᠭᠤᠸ᠎ᠠ ᠶᠢᠨ ᠳᠤᠪᠤᠨ ᠮᠡᠷᠭᠡᠨ ᠨᠠᠰᠤ ᠪᠠᠷᠠᠭᠰᠠᠨ ᠡᠴᠡ ᠬᠣᠢ᠌ᠰᠢ ᠭᠡᠷᠡᠯ ᠡᠴᠡ ᠵᠢᠷᠮᠤᠰᠤᠯᠠᠨ ᠳᠦᠷᠦᠭ᠍ᠰᠡᠨ ᠭᠤᠷᠪᠠᠨ ᠭᠦᠪᠠᠭᠦᠨ ᠪᠣᠭᠤ ᠬᠠᠳᠠᠭᠢ᠂ ᠪᠣᠬᠠᠳᠤ ᠰᠠᠯᠵᠢ᠂ ᠪᠣᠳᠠᠠᠴᠢᠷ ᠮᠤᠩᠬᠠᠭ ᠤᠨ ᠬᠣᠢ᠌ᠴᠢᠰ ᠢ ᠵᠢᠭᠠᠵᠤ ᠪᠣᠢ᠃ ᠠᠯᠤᠨ ᠭᠤᠸ᠎ᠠ ᠡᠭᠡ ᠶᠢᠨ ᠠᠷᠢᠭᠤᠨ ᠨᠢᠷᠤᠭᠤᠨ ᠡᠴᠡ ᠡᠭᠦᠰᠦᠭ᠍ᠰᠡᠨ ᠪᠣᠯᠬᠤᠷ ᠳᠠᠳᠠᠨ ᠢ ᠨᠢᠷᠤᠭᠤᠨ ᠮᠤᠩᠭ᠋ᠤᠯ ᠭᠡᠵᠤ ᠭᠡᠨ᠎ᠡ᠃ ᠠᠯᠤᠨ ᠭᠤᠸ᠎ᠠ ᠡᠭᠡ ᠡᠴᠡ ᠡᠮᠦᠨ᠎ᠡ ᠪᠠᠢ᠌ᠭᠰᠠᠨ ᠳᠡᠳᠡᠭᠡᠷ ᠣᠵᠤᠭᠤᠷ ᠮᠤᠩᠭ᠋ᠤᠯᠴᠤᠳ ᠢ ᠨᠠᠢ᠌ᠳᠠ ᠳ᠋ᠤᠨᠢ ᠳᠠᠷᠠᠯᠠᠭᠢᠨ ᠮᠤᠩᠭ᠋ᠤᠯ ᠭᠡᠳᠡᠭ᠌᠃ 《ᠮᠤᠩᠭ᠋ᠤᠯ ᠤᠨ ᠨᠢᠭᠤᠴᠠ ᠳᠤᠪᠴᠢᠶᠠᠨ》 ᠤ ᠳᠡᠳᠡᠭᠯᠡᠯ ᠢ ᠦᠨᠳᠦᠰᠦᠯᠠᠪᠠᠯ᠂ ᠠᠯᠤᠨ ᠭᠤᠸ᠎ᠠ ᠶᠢᠨ ᠡᠨᠡ ᠭᠤᠷᠪᠠᠨ ᠭᠡᠦᠭᠡᠤᠨ ᠨᠢ ᠡᠭᠡ ᠡᠴᠡ ᠪᠠᠨ ᠬᠣᠢ᠌ᠰᠢ᠂ ᠦᠪᠡᠷ ᠤᠨ ᠣᠪᠣᠭ ᠢ ᠪᠠᠢ᠌ᠭᠤᠯᠵᠤ᠂ ᠳᠤᠰᠭᠠᠷᠯᠠᠵᠤ ᠭᠠᠷᠤᠭᠰᠠᠨ ᠠᠵᠢ᠃ ᠳᠤᠬᠠᠢ᠌ᠯᠠᠪᠠᠯ᠂ ᠪᠣᠭᠤ ᠬᠠᠳᠠᠭᠢ ᠬᠠᠳᠠᠭᠢᠨ ᠣᠪᠣᠭᠳᠠᠨ ᠪᠣᠯᠪᠠ᠃ ᠪᠣᠬᠠᠳᠤ ᠰᠠᠯᠵᠢ ᠰᠠᠯᠵᠢᠭᠤᠳ ᠣᠪᠣᠭᠳᠠᠨ ᠪᠣᠯᠪᠠ᠃ ᠪᠣᠳᠠᠠᠴᠢᠷ ᠮᠤᠩᠬᠠᠭ ᠪᠣᠷᠵᠢᠭᠢᠨ ᠣᠪᠣᠭᠳᠠᠨ ᠪᠣᠯᠪᠠ᠃ ᠳᠡᠦᠭᠡᠴᠢᠨ ᠷᠡᠰᠢᠳᠧ ᠤᠨ ᠥᠭᠦᠯᠡᠭᠦ ᠪᠠᠷ 12 ᠳ᠋ᠤᠭᠠᠷ ᠵᠠᠭᠤᠨ ᠤ ᠦᠶ᠎ᠡ ᠳᠤ ᠨᠢᠷᠤᠭᠤᠨ ᠮᠤᠩᠭ᠋ᠤᠯ ᠳᠤ ᠵᠠᠳᠠᠷᠠᠨ᠂ ᠳᠠᠢ᠌ᠴᠢᠭᠤᠳ᠂ ᠪᠠᠭᠠᠷᠢᠨ᠂ ᠵᠡᠭᠦᠷᠡᠢ᠌ᠤᠨ᠂ ᠨᠤᠶᠠᠭᠢᠨ᠂ ᠪᠠᠷᠤᠯᠤᠰ᠂ ᠣᠷᠤᠭᠤᠳ᠂ ᠮᠠᠩᠭ᠋ᠤᠳ᠂ ᠵᠦᠷᠭᠢᠨ᠂ ᠪᠠᠰᠤᠳ᠂ ᠬᠤᠩᠬᠤᠳᠠᠨ᠂ ᠠᠷᠤᠯᠠᠤᠨ᠂ ᠭᠡᠨᠢᠭᠡᠰ᠂ ᠰᠦᠨᠢᠳ ᠵᠡᠷᠭᠡ ᠬᠤᠷᠢ ᠰᠢᠬᠠᠮ ᠣᠪᠣᠭ ᠠᠢ᠌ᠮᠠᠭ ᠪᠠᠭᠳᠠᠵᠤ ᠪᠠᠢ᠌ᠭᠰᠠᠨ ᠪᠦᠭᠡᠤᠨ ᠳᠠᠳᠠᠨ ᠤ ᠵᠤᠩᠭᠢ ᠨᠢ ᠭᠤᠷᠪᠠᠨ ᠣᠪᠣᠭ ᠤᠨ ᠬᠣᠢ᠌ᠴᠢᠰ ᠮᠦᠨ ᠪᠠᠢ᠌ᠵᠠᠢ᠃

ᠬᠠᠳᠠᠭᠢᠨ᠂ ᠰᠠᠯᠵᠢᠭᠤᠳ ᠡᠨᠡ ᠬᠤᠶᠠᠷ ᠣᠪᠣᠭ ᠤᠨ ᠬᠣᠢ᠌ᠴᠢᠰ ᠨᠢ ᠬᠠᠯᠬ᠎ᠠ ᠭᠤᠤᠯ ᠳᠠᠭᠠᠤ ᠭᠦᠷᠰᠢ ᠵᠡᠷᠡᠭᠡᠯᠡᠳᠡᠭᠡ ᠨᠤᠳᠤᠭᠰᠢᠵᠤ᠂ ᠠᠯᠳᠠᠨ ᠣᠯᠤᠰ ᠤᠨ ᠦᠶ᠎ᠡ ᠳᠤ ᠳᠠᠳᠠ 《ᠭᠦᠴᠦᠷᠭᠡᠭ᠌ ᠲᠡᠭᠡᠨ ᠡᠷᠳᠦᠵᠤ ᠭᠡᠨ ᠳᠤ ᠴᠤ ᠦᠯᠦ ᠵᠠᠭᠢᠷᠠᠭᠳᠠᠬᠤ》 ᠢᠳᠡᠷᠭᠡᠭ᠌ ᠠᠢ᠌ᠮᠠᠭ ᠨᠢᠭᠡᠳᠦᠯ ᠪᠣᠯᠵᠤ ᠭᠦᠭ᠍ᠵᠢᠭ᠍ᠰᠡᠨ ᠪᠠᠢ᠌ᠵᠠᠢ᠃ ᠴᠢᠩᠭᠢᠰ ᠬᠠᠭᠠᠨ ᠤ ᠶᠡᠭᠡ ᠨᠢᠭᠡᠳᠭᠡᠯ ᠤᠨ ᠦᠶ᠎ᠡ ᠳᠤ ᠬᠠᠳᠠᠭᠢᠨ᠂ ᠰᠠᠯᠵᠢᠭᠤᠳ ᠡᠨᠡ ᠬᠤᠶᠠᠷ ᠠᠢ᠌ᠮᠠᠭ ᠵᠠᠳᠠᠷᠠᠨ ᠠᠢ᠌ᠮᠠᠭ ᠤᠨ ᠳᠦᠷᠦᠭᠦᠤ ᠵᠠᠮᠤᠬ᠎ᠠ ᠶᠢᠨ ᠬᠤᠯᠪᠣᠭᠠᠨ ᠳᠤ ᠣᠷᠤᠯᠴᠠᠵᠤ ᠴᠢᠩᠭᠢᠰ ᠬᠠᠭᠠᠨ ᠢ ᠡᠰᠡᠷᠭᠦᠴᠡᠵᠤ ᠪᠠᠢ᠌ᠪᠠ᠃ 1204 ᠣᠨ ᠳᠤ ᠨᠢ᠋ᠮᠠᠨ ᠠᠢ᠌ᠮᠠᠭ ᠮᠥᠭᠦᠭᠡᠭ᠍ᠳᠡᠭ᠍ᠰᠡᠨ ᠤ ᠳᠠᠷᠠᠭ᠎ᠠ ᠳᠠᠳᠠ ᠰᠠ‍‌ᠶᠢ ᠴᠢᠩᠭᠢᠰ ᠬᠠᠭᠠᠨ ᠳᠤ ᠳᠠᠭᠠᠪᠠ᠃ ᠪᠣᠳᠠᠠᠴᠢᠷ ᠡᠴᠡ ᠣᠭᠰᠠᠭᠠᠯᠠᠭᠰᠠᠨ ᠪᠣᠷᠵᠢᠭᠢᠨ ᠣᠪᠣᠭ ᠤᠨ ᠬᠣᠢ᠌ᠴᠢᠰ ᠨᠢ ᠨᠠᠢ᠌ᠳᠠ ᠠᠷᠪᠠᠨ ᠶ‍ᠢᠰᠤᠨ ᠣᠪᠣᠭ ᠠᠢ᠌ᠮᠠᠭ ᠪᠣᠯᠤᠨ ᠰᠠᠯᠪᠣᠷᠢᠯᠠᠵᠤ ᠭᠦᠭ᠍ᠵᠢᠭ᠍ᠰᠡᠨ ᠪᠦᠭᠡᠤᠨ ᠣᠪᠣᠭ ᠠᠢ᠌ᠮᠠᠭ ᠨᠢᠭᠡᠪᠦᠷᠢ ᠶᠢᠨ ᠭᠦᠮᠤᠨ ᠠᠮᠠ ᠨᠢ ᠮᠦᠨ ᠴᠤ ᠠᠰᠤᠷᠤ ᠣᠯᠠᠨ ᠪᠠᠢ᠌ᠭᠰᠠᠨ ᠠᠵᠢ᠃ ᠷᠡᠰᠢᠳᠧ ᠤᠨ ᠳᠡᠮᠳᠡᠭᠯᠡᠭ᠍ᠰᠡᠨ ᠶᠢᠡᠷ᠂ ᠴᠢᠩᠭᠢᠰ ᠤᠨ ᠳᠡᠭᠡᠳᠡᠢ ᠳᠦᠷᠪᠠᠳᠦᠭᠡᠷ ᠦᠶ᠎ᠡ ᠶᠢᠨ ᠡᠪᠦᠭᠡ ᠳᠤᠮᠪᠢᠨᠢ ᠳᠤ ᠶ‍ᠢᠰᠤᠨ ᠭᠦᠪᠠᠭᠦᠨ ᠲᠡᠶ᠂ ᠭᠦᠪᠠᠭᠦᠤᠨ ᠨᠢᠭᠡᠪᠦᠷᠢ ᠨᠢ ᠨᠢᠭᠡ ᠣᠪᠣᠭ ᠲᠡᠶ᠂ ᠭᠦᠪᠠᠭᠦᠤᠨ ᠨᠢᠭᠡᠪᠦᠷᠢ ᠨᠢ ᠨᠢᠭᠡ ᠣᠪᠣᠭ ᠠᠢ᠌ᠮᠠᠭ ᠤᠨ ᠳᠡᠭᠡᠳᠦᠰ ᠪᠣᠯᠵᠤ᠂ ᠠᠢ᠌ᠮᠠᠭ ᠨᠢᠭᠡᠪᠦᠷᠢ ᠳ᠋ᠤᠨᠢ ᠭᠤᠷᠪᠠᠨ ᠲᠦᠮᠡᠨ ᠡᠷᠦᠭᠡ᠂ ᠠᠷᠪᠠᠨ ᠲᠦᠮᠡᠨ ᠭᠦᠮᠤᠨ ᠲᠡᠶ ᠪᠠᠢ᠌ᠭᠰᠠᠨ ᠭᠡᠨ᠎ᠡ᠃ ᠡᠳᠡᠭᠡᠷ ᠣᠪᠣᠭ ᠠᠢ᠌ᠮᠠᠭ ᠤᠳ ᠨᠢ ᠴᠦᠮ ᠦᠪᠡᠷᠰᠠᠤᠨ ᠤᠨ ᠣᠪᠣᠭ ᠠᠢ᠌ᠮᠠᠭ ᠤᠨ ᠳᠤᠰᠬᠠᠢ ᠨᠠᠷᠠᠢ᠌ᠳᠤᠯ ᠲᠡᠶ ᠪᠠᠢ᠌ᠭᠰᠠᠨ ᠪᠣᠯᠪᠠᠴᠤ ᠳᠠᠳᠠᠨ ᠢ ᠨᠠᠯᠤᠩᠭᠢ ᠳ᠋ᠤᠨᠢ 《ᠨᠢᠷᠤᠭᠤᠨ》 ᠭᠡᠵᠤ ᠨᠡᠷᠡᠯᠡᠳᠡᠭ᠌᠃ ᠳᠤᠮᠪᠢᠨᠢ ᠶᠢᠨ ᠭᠦᠪᠠᠭᠦᠨ ᠬᠠᠪᠣᠯ ᠤᠨ ᠦᠶ᠎ᠡ ᠳᠤ ᠭᠦᠷᠦᠭᠡᠤᠨ ᠠᠩᠬ᠎ᠠ ᠡᠷᠳᠡᠨ ᠤ ᠭᠢᠶᠠᠨ ᠭᠡᠭᠦ ᠨᠠᠷᠠᠢ᠌ᠳᠤᠯ ᠶᠢᠡᠷ ᠦᠪᠡᠷᠰᠠᠤᠨ ᠢ ᠪᠠᠨ ᠨᠡᠷᠡᠯᠡᠭᠦ ᠪᠣᠯᠤᠭᠰᠠᠨ ᠡᠴᠡ ᠳᠠᠳᠠᠨ ᠤ ᠬᠣᠢ᠌ᠴᠢ ᠦᠶ᠎ᠡ ᠶᠢᠨ ᠣᠪᠣᠭ ᠠᠢ᠌ᠮᠠᠭ ᠤᠳ ᠢ 《ᠨᠢᠷᠤᠭᠤᠨ ᠭᠢᠶᠠᠤᠨ》 ᠭᠡᠵᠤ ᠨᠡᠷᠡᠯᠡᠭᠦ ᠪᠣᠯᠪᠠ᠃ ᠬᠠᠪᠣᠯ ᠤᠨ ᠠᠴᠢ ᠶ‍ᠢᠰᠦᠭᠡᠢ ᠪᠠᠭᠠᠳᠤᠷ ᠤᠨ ᠦᠶ᠎ᠡ ᠳᠤ ᠭᠦᠷᠦᠭᠡᠤᠨ 《ᠪᠣᠷᠵᠢᠭᠢᠨ》 ᠭᠡᠭᠦ ᠨᠠᠷᠠᠢ᠌ᠳᠤᠯ ᠢ ᠳᠠᠭᠢᠨ ᠰᠡᠷᠭᠦᠭᠡᠨ ᠭᠡᠷᠡᠭᠯᠡᠭ᠍ᠰᠡᠨ ᠡᠴᠡ ᠶ‍ᠢᠰᠦᠭᠡᠢ ᠪᠠᠭᠠᠳᠤᠷ ᠤᠨ ᠣᠭᠰᠠᠭᠠᠨ ᠤ ᠦᠷ᠎ᠡ ᠭᠡᠦᠭᠡᠤᠨ ᠢ 《ᠭᠢᠶᠠᠤᠨ ᠪᠣᠷᠵᠢᠭᠢᠨ》 ᠭᠡᠵᠤ ᠨᠡᠷᠡᠯᠡᠭᠦ ᠪᠣᠯᠪᠠ᠃ ᠳᠠᠢ᠌ᠨ ᠭᠦ ᠮᠤᠩᠭ᠋ᠤᠯ ᠳᠡᠦᠭᠡᠨ ᠳᠤ ᠶ‍ᠢᠰᠦᠭᠡᠢ ᠪᠠᠭᠠᠳᠤᠷ ᠪᠠ ᠳᠡᠭᠦᠨ ᠤ ᠦᠷ᠎ᠡ ᠭᠡᠦᠭᠡᠤᠨ ᠵᠢᠴᠢ ᠴᠢᠩᠭᠢᠰ ᠤᠨ ᠣᠳᠤᠮ ᠣᠭᠰᠠᠭ᠎ᠠ ᠨᠢ 《ᠭᠢᠶᠠᠨ ᠶᠠᠰᠤᠨ ᠪᠣᠷᠵᠢᠭᠢᠨ ᠣᠪᠣᠭᠳᠤᠨ》 ᠭᠡᠰᠡᠨ ᠨᠠᠷᠠᠢ᠌ᠳᠤᠯ ᠶᠢᠡᠷ ᠠᠯᠳᠠᠷᠰᠢᠪᠠ᠃

ᠲ᠋ᠠᠷᠠᠯᠠᠭᠢᠨ ᠮᠤᠩᠭ᠋ᠤᠯ ᠪᠣᠯ ᠡᠷᠭᠦᠨ᠎ᠡ ᠬᠤᠨ ᠡᠴᠡ ᠨᠡᠭᠦᠳᠡᠯᠯᠡᠨ ᠭᠠᠷᠴᠤ ᠢᠷᠡᠭ᠍ᠰᠡᠨ ᠮᠤᠩᠭ᠋ᠤᠯ ᠣᠪᠣᠭ ᠠᠢ᠌ᠮᠠᠭ ᠤᠳ ᠪᠣᠯᠤᠨ᠎ᠠ᠃ ᠳᠠᠳᠠ ᠪᠠᠷᠠᠭᠤᠠᠰᠢ ᠮᠤᠩᠭ᠋ᠤᠯ ᠤᠨ ᠳᠠᠯ᠎ᠠ ᠨᠤᠳᠤᠭ ᠣᠷᠤᠭᠤ ᠨᠡᠭᠦᠳᠡᠯᠯᠡᠨ ᠢᠷᠡᠭᠦ ᠦᠶ᠎ᠡ ᠳᠤ ᠨᠠᠢ᠌ᠳᠠ ᠳᠠᠯᠠᠨ ᠣᠪᠣᠭ ᠪᠣᠯᠤᠨ ᠰᠠᠯᠪᠣᠷᠢᠯᠠᠵᠤ ᠪᠠᠢ᠌ᠭᠰᠠᠨ ᠪᠣᠯᠤᠯᠳᠠᠢ᠃ ᠠᠷᠪᠠᠳᠤᠭᠠᠷ ᠵᠠᠭᠤᠨ ᠤ ᠦᠶ᠎ᠡ ᠪᠠᠷ ᠳᠠᠷᠠᠯᠠᠭᠢᠨ ᠮᠤᠩᠭ᠋ᠤᠯᠴᠤᠳ ᠣᠷᠢᠶᠠᠩᠬᠠᠤᠨ᠂ ᠬᠤᠩᠭᠢᠷᠠᠤᠨ᠂ ᠥᠭᠦᠰᠢᠨ᠂ ᠪᠠᠶᠠᠭᠤᠳ᠂ ᠰᠦᠯᠳᠤᠰᠤᠨ᠂ ᠢᠯᠳᠤᠷᠭᠢᠨ ᠵᠡᠷᠭᠡ ᠶᠡᠭᠡ ᠪᠠᠭ᠎ᠠ ᠠᠷᠪᠠᠨ ᠨᠢ᠋ᠮᠠᠨ ᠣᠪᠣᠭ ᠠᠢ᠌ᠮᠠᠭ ᠪᠣᠯᠵᠤ ᠭᠦᠭ᠍ᠵᠢᠭ᠍ᠰᠡᠨ ᠪᠠᠢ᠌ᠯ᠎ᠠ᠃ ᠣᠷᠢᠶᠠᠩᠬᠠᠤᠨ ᠣᠪᠣᠭᠳᠠᠨ 10 ᠊᠊᠊᠊᠊᠊᠊᠊᠊᠊᠊᠊᠊᠊᠊ 12 ᠳ᠋ᠤᠭᠠᠷ ᠵᠠᠭᠤᠨ ᠤ ᠦᠶ᠎ᠡ ᠳᠤ ᠭᠡ᠊ᠨᠳᠡᠢ ᠠᠭᠤᠯᠠ ᠪᠣᠯᠤᠨ ᠣᠨᠤᠨ ᠮᠦᠷᠠᠨ ᠤ ᠰᠠᠪᠠ ᠭᠠᠵᠠᠷ ᠶᠢᠡᠷ ᠨᠤᠳᠤᠭᠯᠠᠵᠤ ᠪᠠᠢ᠌ᠵᠠᠢ᠃ ᠭᠦᠮᠦᠰ ᠡᠨᠡ ᠣᠪᠣᠭᠳᠠᠨ ᠢ ᠶᠠᠷᠤ ᠳᠡᠭᠡᠨ ᠣᠷᠢᠶᠠᠩᠬᠠᠤᠨ ᠭᠡᠵᠤ ᠳᠠᠭᠤᠳᠠᠳᠠᠭ ᠪᠣᠯᠪᠠᠴᠤ ᠵᠠᠷᠢᠮ ᠳᠠᠭᠠᠨ ᠪᠠᠰᠠ ᠵᠠᠷᠴᠢᠭᠤᠳ ᠠᠳᠠᠩᠬᠠᠨ ᠣᠷᠢᠶᠠᠩᠬᠠᠤᠨ ᠭᠡᠳᠡᠭ᠌᠃ ᠣᠷᠢᠶᠠᠩᠬᠠᠤᠨ ᠨᠡᠷ ᠡᠷᠳᠡᠨ ᠡᠴᠡ ᠭᠢᠶᠠᠨ ᠪᠣᠷᠵᠢᠭᠢᠨ ᠠᠢ᠌ᠮᠠᠭ ᠲᠡᠶ ᠨᠢᠠᠠᠳᠠ ᠬᠠᠷᠢᠯᠴᠠᠭ᠎ᠠ ᠲᠡᠶ ᠪᠠᠢ᠌ᠪᠠ᠃ ᠪᠣᠷᠵᠢᠭᠢᠨ ᠣᠪᠣᠭ ᠤᠨ ᠳᠡᠭᠡᠳᠦᠰ ᠪᠣᠳᠠᠠᠴᠢᠷ ᠤᠨ ᠨᠢᠭᠡ ᠳᠠᠳᠠᠪᠣᠷᠢ ᠨᠢ ᠳᠠᠷᠤᠢ ᠣᠷᠢᠶᠠᠩᠬᠠᠤᠨ ᠣᠪᠣᠭ ᠤᠨ ᠭᠦᠮᠤᠨ ᠪᠠᠢ᠌ᠭᠰᠠᠨ ᠶᠤᠮ᠃ ᠣᠷᠢᠶᠠᠩᠬᠠᠤᠨ ᠣᠪᠣᠭᠳᠠᠨ ᠬᠤᠵᠢᠮ ᠨᠢ ᠪᠣᠷᠬᠠᠨ ᠬᠠᠯᠳᠤᠨ ᠳᠤ ᠴᠢᠩᠭᠢᠰ ᠬᠠᠭᠠᠨ ᠤ ᠭᠡᠭᠦᠷ ᠢ ᠣᠷᠤᠰᠢᠭᠤᠯᠤᠭᠰᠠᠨ ᠶᠡᠭᠡ ᠬᠤᠷᠢᠭ ᠢ ᠰᠠᠭᠢᠵᠤ ᠬᠠᠮᠠᠭᠠᠯᠠᠵᠤ ᠰᠠᠭᠤᠪᠠ᠃

ᠬᠤᠩᠭᠢᠷᠠᠤᠨ ᠠᠢ᠌ᠮᠠᠭ ᠪᠣᠯ ᠳᠠᠷᠠᠯᠠᠭᠢᠨ ᠮᠤᠩᠭ᠋ᠤᠯ ᠤᠨ ᠳᠤᠳᠤᠷᠠᠭᠢ ᠳᠤᠮᠤᠬᠠᠨ ᠠᠢ᠌ᠮᠠᠭ ᠤᠨ ᠨᠢᠭᠡ ᠨᠢ ᠪᠠᠢ᠌ᠵᠠᠢ᠃ ᠳᠠᠳᠠ ᠭᠡᠷᠦᠯᠤᠨ ᠤ ᠣᠷᠴᠢᠮ ᠬᠠᠯᠬ᠎ᠠ ᠭᠤᠤᠯ ᠤᠨ ᠪᠣᠢ᠌ᠷ ᠨᠠᠭᠤᠷ ᠲᠤ ᠴᠢᠤᠠᠬᠤᠬᠤ ᠠᠭᠤᠯᠵᠠᠷ ᠤᠨ ᠭᠠᠵᠠᠷ ᠶᠢᠡᠷ ᠨᠤᠳᠤᠭᠯᠠᠵᠤ ᠪᠠᠢ᠌ᠪᠠ᠃ ᠠᠷᠪᠠᠨ ᠬᠤᠶᠠᠳᠤᠭᠠᠷ ᠵᠠᠭᠤᠨ ᠤ ᠳᠤᠮᠳᠠᠴᠢ ᠪᠠᠷ ᠳᠠᠳᠠ ᠬᠠᠯᠬ᠎ᠠ ᠭᠤᠤᠯ ᠤᠨ ᠣᠷᠤᠰᠬᠠᠯ ᠳᠠᠭᠠᠤ ᠨᠡᠭᠦᠳᠡᠯᠯᠡᠨ ᠭᠦᠷᠴᠤ ᠨᠤᠳᠤᠭᠯᠠᠵᠠᠢ᠃ ᠳᠤᠬᠠᠢ ᠶᠢᠨ ᠦᠶ᠎ᠡ ᠳᠤ᠂ ᠬᠤᠩᠭᠢᠷᠠᠤᠨ ᠠᠢ᠌ᠮᠠᠭ ᠳᠤᠳᠤᠷ᠎ᠠ ᠪᠠᠨ ᠢᠭᠢᠷᠠᠰ᠂ ᠣᠯᠬᠤᠨᠤᠳ᠂ ᠬᠠᠷᠠᠨᠤᠳ᠂ ᠬᠦᠡᠭᠯᠢᠭᠦᠳ᠂ ᠬᠤᠷᠤᠯᠠᠰ᠂ ᠡᠯᠵᠢᠭᠢᠨ ᠵᠡᠷᠭᠡ ᠵᠢᠷᠭᠤᠭᠠᠨ ᠰᠠᠯᠪᠣᠷᠢ ᠲᠡᠶ ᠪᠠᠢ᠌ᠵᠠᠢ᠃ ᠬᠤᠩᠭᠢᠷᠠᠤᠨ ᠠᠢ᠌ᠮᠠᠭ ᠡᠷᠳᠡᠨ ᠡᠴᠡ ᠭᠢᠶᠠᠨ ᠪᠣᠷᠵᠢᠭᠢᠨ ᠣᠪᠣᠭᠳᠠᠨ ᠲᠡᠶ ᠣᠷᠤᠭ ᠬᠤᠯᠪᠣᠭ᠎ᠠ ᠲᠡᠶ ᠪᠠᠢ᠌ᠭᠰᠠᠨ ᠪᠢᠯᠠ᠃ ᠴᠢᠩᠭᠢᠰ ᠬᠠᠭᠠᠨ ᠤ ᠡᠭᠡ ᠥᠭᠡᠯᠤᠨ ᠦᠵᠢᠨ ᠪᠣᠯ ᠬᠤᠩᠭᠢᠷᠠᠤᠨ ᠤᠨ ᠰᠠᠯᠪᠣᠷᠢ ᠣᠯᠬᠤᠨᠤᠳ ᠣᠪᠣᠭ ᠤᠨ ᠭᠦᠮᠤᠨ ᠮᠦᠨ᠃ ᠳᠡᠭᠦᠨ ᠤ ᠬᠠᠳᠤᠨ ᠪᠦᠷᠳᠡ ᠦᠵᠢᠨ ᠨᠢ ᠬᠤᠩᠭᠢᠷᠠᠤᠨ ᠤᠨ ᠪᠣᠰᠬᠤᠷ ᠣᠪᠣᠭᠳᠠᠨ ᠤ ᠭᠦᠮᠤᠨ ᠪᠠᠢ᠌ᠯ᠎ᠠ᠃ ᠴᠢᠩᠭᠢᠰ ᠶᠡᠭᠡ ᠣᠷᠤ ᠰᠠᠭᠤᠭᠰᠠᠨ ᠤ ᠳᠠᠷᠠᠭ᠎ᠠ᠂ ᠬᠤᠩᠭᠢᠷᠠᠤᠨ ᠲᠡᠶ ᠡᠨᠡᠭᠦ ᠣᠷᠤᠭ ᠤᠨ ᠬᠠᠷᠢᠴᠠᠭ᠎ᠠ ᠪᠠᠨ ᠦᠯᠦ ᠳᠠᠰᠤᠯᠳᠠᠭᠤᠯᠬᠤ ᠶᠢᠨ ᠳᠤᠯᠠ 《(ᠬᠤᠩᠭᠢᠷᠠᠤᠨ ᠳᠤ) ᠦᠬᠢᠨ ᠲᠦᠷᠦᠪᠠᠰᠤ ᠬᠠᠳᠤᠨ ᠪᠣᠯᠭᠠᠮᠤᠢ᠂ ᠨᠤᠭᠤᠨ ᠲᠦᠷᠦᠪᠠᠰᠤ ᠭᠦᠩᠵᠤ ᠶᠢ ᠪᠣᠭᠳᠠᠯᠠᠮᠤᠢ》 ᠭᠡᠵᠤ ᠵᠠᠷᠯᠢᠭ ᠪᠣᠯᠤᠭᠰᠠᠨ ᠭᠡᠨ᠎ᠡ᠃ ᠥᠭᠦᠰᠢᠨ ᠮᠦᠨ ᠡᠷᠳᠡᠨ ᠤ ᠨᠢᠭᠡᠨ ᠮᠤᠩᠭ᠋ᠤᠯ ᠣᠪᠣᠭ ᠪᠣᠯᠤᠨ᠎ᠠ᠃ ᠥᠭᠦᠰᠢᠨ ᠤ ᠳᠤᠬᠠᠢ ᠰᠤᠷᠪᠣᠯᠵᠢ ᠪᠢᠴᠢᠭ᠌ ᠤᠨ ᠮᠡᠳᠡᠭᠡ ᠵᠣᠢ᠌ᠯ ᠨᠢ ᠳᠤᠪᠴᠢ ᠪᠦᠳᠦᠭᠦᠪᠴᠢ ᠪᠠᠢ᠌ᠭᠰᠠᠨ ᠳᠤᠯᠠ ᠡᠷᠳᠡ ᠦᠶ᠎ᠡ ᠶᠢᠨ ᠪᠠᠢ᠌ᠳᠠᠯ ᠢ ᠨᠢ ᠨᠠᠷᠢᠨ ᠣᠢ᠌ᠯᠠᠭᠠᠬᠤ ᠦᠭᠡᠶ᠃ 1197 ᠣᠨ ᠳᠤ ᠴᠢᠩᠭᠢᠰ ᠬᠠᠭᠠᠨ ᠵᠦᠷᠭᠢᠨ ᠠᠢ᠌ᠮᠠᠭ ᠢ ᠳᠤᠷᠣᠢ᠌ᠳᠠᠭᠤᠯᠵᠤ ᠣᠯᠤᠰ ᠢᠷᠭᠡᠨ ᠢ ᠨᠢ ᠬᠤᠷᠢᠶᠠᠮᠵᠢᠯᠠᠭᠠᠤᠨ ᠪᠣᠴᠠᠬᠤ ᠵᠠᠮ ᠳᠠᠭᠠᠨ ᠥᠭᠦᠰᠢᠨ ᠣᠪᠣᠭ ᠤᠨ ᠪᠠᠭᠤᠴᠠᠨ ᠳᠡᠭᠡᠷ᠎ᠡ ᠡᠴᠡ ᠨᠢᠯᠬ᠎ᠠ ᠪᠠᠯᠴᠢᠷ ᠪᠣᠷᠤᠬᠤᠯ ᠢ ᠣᠯᠵᠤ ᠠᠪᠣᠭᠰᠠᠨ ᠪᠠᠢ᠌ᠯ᠎ᠠ᠃ ᠡᠭᠦᠪᠠᠷ ᠦᠵᠡᠪᠠᠯ᠂ 12 ᠳ᠋ᠤᠭᠠᠷ ᠵᠠᠭᠤᠨ ᠤ ᠦᠶ᠎ᠡ ᠳᠤ ᠥᠭᠦᠰᠢᠨ ᠣᠪᠣᠭᠳᠠᠨ ᠵᠦᠷᠭᠢᠨ ᠠᠢ᠌ᠮᠠᠭ ᠲᠤ ᠬᠠᠷᠢᠶᠠᠯᠠᠭᠳᠠᠵᠤ ᠪᠠᠢ᠌ᠵᠠᠢ᠃

ᠰᠦᠯᠳᠤᠰᠤᠨ ᠣᠪᠣᠭᠳᠠᠨ 12 ᠳ᠋ᠤᠭᠠᠷ ᠵᠠᠭᠤᠨ ᠤ ᠦᠶ᠎ᠡ ᠳᠤ ᠳᠠᠢ᠌ᠴᠢᠭᠤᠳ ᠠᠢ᠌ᠮᠠᠭ ᠲᠤ ᠬᠠᠷᠢᠶᠠᠯᠠᠭᠳᠠᠵᠤ ᠪᠠᠢ᠌ᠵᠠᠢ᠃ ᠳᠡᠭᠦᠨ ᠤ ᠨᠢᠭᠡᠨ ᠰᠠᠯᠪᠣᠷᠢ ᠨᠢ ᠢᠯᠳᠤᠷᠭᠢᠨ ᠣᠪᠣᠭ ᠪᠣᠯᠤᠨ᠎ᠠ᠃ 1202 ᠣᠨ ᠳᠤ ᠴᠢᠩᠭᠢᠰ ᠬᠠᠭᠠᠨ ᠳᠠᠢ᠌ᠴᠢᠭᠤᠳ ᠢ ᠳᠠᠢ᠌ᠯᠠᠨ ᠳᠦᠪᠰᠢᠦᠡᠭᠡᠭ᠍ᠰᠡᠨ ᠦᠶ᠎ᠡ ᠳᠤ ᠰᠦᠯᠳᠤᠰᠤᠨ ᠣᠪᠣᠭ ᠤᠨ ᠰᠤᠷᠬᠠᠨ ᠰᠢᠷ᠎ᠠ ᠭᠡᠷ ᠪᠦᠯᠢ ᠪᠠᠷ ᠶᠢᠡᠨ ᠴᠢᠩᠭᠢᠰ ᠬᠠᠭᠠᠨ ᠳᠤ ᠨᠠᠢ᠌ᠯᠠᠵᠤ ᠢᠷᠡᠭ᠍ᠰᠡᠨ ᠪᠠᠢ᠌ᠯ᠎ᠠ᠃ ᠪᠠᠶᠠᠭᠤᠳ ᠠᠢ᠌ᠮᠠᠭ ᠡᠷᠳᠡ ᠦᠶ᠎ᠡ ᠳᠤ ᠰᠡᠯᠡᠩᠭᠡ ᠶᠢᠨ ᠰᠠᠪᠠ ᠭᠠᠵᠠᠷ ᠶᠢᠡᠷ ᠨᠤᠳᠤᠭᠯᠠᠵᠤ ᠪᠠᠢ᠌ᠭᠰᠠᠨ ᠪᠦᠭᠡᠤᠨ ᠵᠠᠤᠨ ᠪᠠᠶᠠᠭᠤᠳ᠂ ᠭᠡᠭᠡᠷ᠎ᠡ ᠶᠢᠨ ᠪᠠᠶᠠᠭᠤᠳ ᠭᠡᠵᠤ ᠬᠤᠶᠠᠷ ᠰᠠᠯᠪᠣᠷᠢ ᠳᠤ ᠬᠤᠪᠢᠶᠠᠭᠳᠠᠵᠤ ᠪᠠᠢ᠌ᠵᠠᠢ᠃ 《ᠮᠤᠩᠭ᠋ᠤᠯ ᠤᠨ ᠨᠢᠭᠤᠴᠠ ᠳᠤᠪᠴᠢᠶᠠᠨ》 ᠤ ᠳᠡᠮᠳᠡᠭᠯᠡᠯ ᠢ ᠦᠨᠳᠦᠰᠦᠯᠠᠪᠠᠯ᠂ ᠴᠢᠩᠭᠢᠰ ᠤᠨ ᠭᠡᠷ ᠣᠳᠤᠮ ᠤᠨ ᠥᠳᠡᠭᠦᠤ ᠪᠣᠭᠤᠯ ᠤᠨ ᠵᠤᠩᠭᠢ ᠨᠢ ᠪᠠᠶᠠᠭᠤᠳ ᠠᠢ᠌ᠮᠠᠭ ᠤᠨ ᠬᠣᠢ᠌ᠴᠢᠰ ᠪᠠᠢ᠌ᠭᠰᠠᠨ ᠠᠵᠢ᠃

ᠡᠳᠡᠭᠡᠷ ᠣᠪᠣᠭ ᠠᠢ᠌ᠮᠠᠭ ᠡᠴᠡ ᠭᠠᠳᠠᠨ᠎ᠠ᠂ ᠳᠤᠧᠨ ᠰᠤᠬᠤᠷ ᠤᠨ ᠳᠦᠷᠪᠡᠨ ᠭᠦᠤ ᠶᠢᠨ ᠪᠠᠢ᠌ᠭᠤᠯᠤᠭᠰᠠᠨ ᠳᠦᠷᠪᠡᠨ ᠣᠪᠣᠭᠳᠠᠨ᠂ ᠳᠤᠪᠤᠨ ᠮᠡᠷᠭᠡᠨ ᠤ ᠬᠤᠶᠠᠷ ᠭᠦᠪᠠᠭᠦᠨ ᠪᠦᠭᠦᠨᠦᠳᠡᠢ᠂ ᠪᠠᠯᠭᠦᠨᠦᠳᠡᠢ ᠶᠢᠨ ᠪᠠᠢ᠌ᠭᠤᠯᠤᠭᠰᠠᠨ ᠪᠦᠭᠦᠨᠦᠳ ᠣᠪᠣᠭᠳᠠᠨ ᠪᠠ ᠪᠠᠯᠭᠦᠨᠦᠳ ᠣᠪᠣᠭᠳᠠᠨ ᠤ ᠬᠣᠢ᠌ᠴᠢᠰ ᠨᠢ ᠮᠦᠨ ᠳᠠᠷᠠᠯᠠᠭᠢᠨ ᠮᠤᠩᠭ᠋ᠤᠯ ᠳᠤ ᠪᠠᠭᠳᠠᠭᠳᠠᠨ᠎ᠠ᠃

ᠳᠡᠭᠡᠷᠡᠭᠢ ᠨᠢᠷᠤᠭᠤᠨ᠂ ᠳᠠᠷᠠᠯᠠᠭᠢᠨ ᠬᠤᠶᠠᠷ ᠶᠡᠭᠡ ᠰᠠᠯᠪᠣᠷᠢ ᠶᠢ ᠶᠡᠷᠦᠩᠭᠡᠢ ᠳ᠋ᠤᠨᠢ ᠬᠠᠮᠤᠭ ᠮᠤᠩᠭ᠋ᠤᠯ ᠭᠡᠳᠡᠭ᠌᠃ 12 ᠳ᠋ᠤᠭᠠᠷ ᠵᠠᠭᠤᠨ ᠤ ᠡᠭᠢᠨ ᠤ ᠦᠶ᠎ᠡ ᠳᠤ᠂ ᠴᠢᠩᠭᠢᠰ ᠤᠨ ᠡᠪᠦᠭᠡ ᠬᠠᠪᠣᠯ ᠣᠨᠤᠨ᠂ ᠭᠡᠷᠦᠯᠤᠨ ᠤ ᠨᠢᠷᠤᠭᠤᠨ ᠳᠠᠷᠠᠯᠠᠭᠢᠨ ᠠᠢ᠌ᠮᠠᠭ ᠢ ᠨᠢᠭᠡᠳᠭᠡᠭᠡᠤᠨ ᠬᠠᠮᠤᠭ ᠮᠤᠩᠭ᠋ᠤᠯ ᠣᠯᠤᠰ ᠢ ᠪᠠᠢ᠌ᠭᠤᠯᠪᠠ᠃ ᠬᠠᠮᠤᠭ ᠮᠤᠩᠭ᠋ᠤᠯ ᠣᠯᠤᠰ ᠪᠣᠯ ᠮᠤᠩᠭ᠋ᠤᠯ ᠠᠢ᠌ᠮᠠᠭ ᠤᠳ ᠤᠨ ᠪᠠᠢ᠌ᠭᠤᠯᠤᠭᠰᠠᠨ ᠠᠩᠬᠠᠨ ᠤ ᠪᠣᠭᠤᠯᠳᠤ ᠪᠠᠢ᠌ᠭᠤᠯᠤᠯ ᠤᠨ ᠲᠦᠷᠦ ᠮᠦᠨ᠃ ᠬᠠᠪᠣᠯ ᠬᠠᠭᠠᠨ ᠤ ᠳᠠᠷᠠᠭ᠎ᠠ ᠠᠮᠪᠠᠭᠠᠢ ᠬᠠᠨ᠂ ᠬᠤᠳᠠᠯᠠ ᠬᠠᠨ ᠤᠷᠢᠳ ᠬᠤᠵᠢᠳ ᠬᠠᠮᠤᠭ ᠮᠤᠩᠭ᠋ᠤᠯ ᠣᠯᠤᠰ ᠢ ᠮᠠᠳᠠᠨ ᠵᠠᠭᠢᠷᠪᠠ᠃


ᠵᠤᠬᠢᠶᠠᠭᠴᠢ᠄ ᠨᠤ᠋·ᠳᠡᠯᠢᠭᠦᠨᠪᠤᠯᠲᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7480
ᠴᠠᠭ᠄ 2009 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ