☆ ᠭᠢᠯᠪᠠᠭ᠎ᠠ
ᠮᠢᠨᠤ ᠬᠠᠢ᠌ᠷ᠎ᠠ
ᠬᠤᠶᠠᠷ ᠨᠢᠳᠤᠨ ᠡᠴᠠ ᠨᠢᠯᠪᠣᠰᠤᠨ ᠳᠤᠰᠤᠯ ᠪᠦᠮᠪᠦᠷᠢᠨ ᠣᠨᠠᠬᠤ ᠳ᠋ᠤ
ᠬᠤᠩᠭ᠋ᠤᠷ ᠴᠢ ᠮᠢᠨᠢ ᠮᠢᠨᠤ ᠵᠢᠷᠦᠭᠡᠨ ᠳᠤ ᠡᠷᠭᠢᠯᠳᠤᠨ᠎ᠡ ᠭᠡᠳᠡᠭ᠌ ᠢ
ᠬᠤᠷᠸ᠎ᠠ ᠶᠢᠷᠳᠠᠠᠴᠤ ᠳᠤ ᠨᠠᠳᠠ ᠡᠴᠠ ᠪᠣᠰᠤᠳ ᠥᠭᠡᠷ᠎ᠡ ᠭᠡᠨ ᠨᠠᠮ᠎ᠠ ᠶᠢ ᠣᠢ᠌ᠯᠠᠭᠠᠬᠤ ᠪᠣᠢ
ᠰᠡᠳᠭᠢᠯ ᠵᠢᠷᠦᠭᠡ ᠮᠢᠨᠢ ᠰᠢᠮ ᠰᠢᠮ ᠡᠪᠠᠳᠦᠭᠡᠳ ᠪᠠᠢ᠌ᠳᠠᠭ ᠨᠢ
ᠰᠦᠨ ᠴᠠᠭᠠᠨ ᠬᠠᠢ᠌ᠷ᠎ᠠ ᠶᠢᠨ ᠮᠢᠨᠢ ᠡᠮᠵᠡᠭ᠌ ᠡᠷᠭᠢᠴᠡᠭᠦᠯᠦᠯ
ᠰᠦᠨᠢ ᠶᠢᠨ ᠨᠣᠢ᠌ᠷ ᠮᠢᠨᠢ ᠰᠠᠷ ᠰᠠᠷ ᠬᠤᠯᠵᠢᠭᠠᠤᠨ ᠪᠠᠢ᠌ᠳᠠᠭ ᠨᠢ
ᠰᠠᠢ᠌ᠬᠠᠨ ᠴᠢᠨᠤ ᠮᠢᠨᠤ ᠳᠤᠷᠠᠰᠤᠯ
ᠮᠢᠨᠤ ᠬᠠᠢ᠌ᠷ᠎ᠠ ᠊᠊᠊᠊᠊᠊᠊᠊᠊᠊᠊᠊᠊᠊᠊
ᠬᠠᠢ᠌ᠯᠬᠤ ᠶᠢ ᠪᠣᠳᠤᠳᠠᠭ ᠥᠭᠡᠢ
ᠬᠠᠷᠠᠯᠠᠬᠤ ᠢ ᠴᠤ ᠭᠦᠰᠡᠳᠡᠭ᠌
ᠬᠠᠮᠤᠭ ᠠᠩᠬᠠᠨ ᠤ ᠳᠡᠷᠡᠭᠦ ᠴᠠᠰᠤ ᠯᠠ ᠶᠤᠮ
ᠮᠢᠨᠤ ᠬᠠᠢ᠌ᠷ᠎ᠠ ᠊᠊᠊᠊᠊᠊᠊᠊᠊᠊᠊᠊᠊᠊᠊
ᠡᠯᠡᠰᠤᠨ ᠳᠤ ᠪᠣᠯᠠᠭᠳᠠᠳᠠᠭ ᠪᠠᠭᠠᠨ᠎ᠠ ᠪᠢᠰᠢ
ᠣᠰᠤᠨ ᠳᠤ ᠵᠢᠪᠳᠡᠭ᠌ ᠴᠢᠯᠠᠭᠤ ᠪᠢᠰᠢ
ᠰᠠᠯᠭᠢᠨ ᠳᠤ ᠭᠡᠢ᠌ᠰᠳᠡᠭ᠌ ᠬᠤᠭ ᠴᠤ ᠪᠢᠰᠢ
ᠬᠠᠷᠢᠨ ᠳᠡᠭ᠍ᠷᠢ ᠳᠤ ᠨᠢᠰᠳᠡᠭ᠌ ᠬᠤᠨ ᠯᠠ ᠶᠤᠮ
ᠮᠢᠨᠤ ᠬᠠᠢ᠌ᠷ᠎ᠠ ᠊᠊᠊᠊᠊᠊᠊᠊᠊᠊᠊᠊᠊᠊᠊
ᠴᠢᠮ᠎ᠠ ᠪᠠᠨ ᠭᠤᠮᠤᠳᠠᠭ᠎ᠠ ᠥᠭᠡᠢ
ᠴᠢᠮ᠎ᠠ ᠪᠠᠨ ᠬᠤᠳᠠᠯᠳᠤᠭ᠎ᠠ ᠥᠭᠡᠢ
ᠬᠠᠷᠢᠨ ᠴᠢᠮ᠎ᠠ ᠶᠢ ᠪᠠᠨ ᠬᠠᠢ᠌ᠷᠠᠯᠠᠭᠰᠠᠭᠠᠷ ᠰᠠᠨᠠᠭᠰᠠᠭᠠᠷ ᠪᠣᠳᠤᠭᠰᠠᠭᠠᠷ ᠪᠠᠢ᠌ᠳᠠᠭ
ᠬᠤᠷᠸ᠎ᠠ ᠳᠤ ᠬᠠᠮᠤᠭ ᠦᠨᠡᠠᠴᠢ ᠬᠠᠢ᠌ᠷ᠎ᠠ ᠶᠤᠮ
ᠵᠤᠬᠢᠶᠠᠭᠴᠢ ᠶᠢᠨ ᠬᠠᠶᠢᠭ ᠄ ᠣᠩᠨᠢᠭᠤᠳ
ᠵᠤᠬᠢᠶᠠᠭᠴᠢ᠄ ᠭᠢᠯᠪᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ