ᠨᠡᠪᠲᠡᠷᠡᠨ ᠤᠷᠤᠬᠤ
ᠰᠢᠯᠤᠭᠤᠨ ᠭᠦᠭᠡ

ᠠᠯᠳᠠ ᠪᠠᠷ ᠥᠩᠭᠡᠯᠡᠭ᠍ᠰᠡᠨ ᠵᠢᠷᠤᠭ ᠰᠢᠭ ᠬᠤᠯᠠᠨ ᠰᠢᠷᠭ᠎ᠠ ᠶᠢᠨ ᠮᠠᠩᠬ᠎ᠠ

ᠠᠮᠪᠠᠨ ᠨᠤᠶᠠᠨ ᠵᠤᠤᠠᠪᠠᠵᠠᠪ ᠤᠨ ᠬᠤᠨ ᠴᠠᠭᠠᠨ ᠦᠷᠦᠭᠡ ᠨᠤᠭᠦᠳ

ᠵᠢᠷᠤᠭ ᠰᠤᠷᠤᠭᠰᠠᠨ ᠭᠦᠮᠤᠨ ᠤ ᠴᠤ ᠵᠢᠷᠤᠵᠤ ᠴᠢᠳᠠᠬᠤ ᠦᠭᠡᠶ ᠬᠠᠷᠭᠤᠢ

ᠵᠠᠭᠤᠨ ᠵᠠᠭᠤᠨ ᠵᠢᠯ ᠳᠤ ᠴᠤ ᠵᠤᠯᠭᠠᠷᠠᠵᠤ ᠣᠨᠠᠬᠤ ᠦᠭᠡᠶ ᠰᠠᠷᠭᠠᠢ

ᠵᠢᠷᠦᠭᠡ ᠰᠡᠳᠭᠢᠯ ᠬᠤᠶᠠᠷ ᠤᠨ ᠮᠢᠨᠢ ᠣᠶᠠᠭ᠎ᠠ ᠪᠣᠯᠤᠭᠰᠠᠨ ᠨᠤᠳᠤᠭ

ᠵᠡᠭᠦᠳᠤ ᠨᠣᠢ᠌ᠷ ᠬᠤᠶᠠᠷ ᠤᠨ ᠮᠢᠨᠢ ᠳᠤᠶᠠᠭ᠎ᠠ ᠪᠣᠯᠤᠭᠰᠠᠨ ᠣᠷᠤᠨ


ᠡᠨᠡ ᠰᠠᠢ᠌ᠬᠠᠨ ᠨᠤᠳᠤᠭ ᠮᠢᠨᠢ ᠰᠢᠯᠤᠭᠤᠨ ᠭᠦᠭᠡ ᠨᠠᠷ᠎ᠠ ᠳᠠᠢ

ᠡᠷᠳᠡ ᠳᠡᠦᠭᠡ ᠶᠢᠨ ᠮᠦᠷ ᠮᠥᠩᠭᠡ ᠥᠯᠡᠳᠡᠭ᠍ᠰᠡᠨ ᠭᠠᠵᠠᠷ

ᠭᠦᠭᠡ ᠮᠤᠩᠭ᠋ᠤᠯ ᠤᠨ ᠨᠤᠳᠤᠭ ᠪᠣᠯᠬᠤᠷ ᠭᠦᠭᠡ ᠥᠰᠦᠭ᠌ ᠤᠨ ᠡᠰᠢᠯᠡᠯ ᠳᠠᠢ

ᠭᠦᠮᠤᠨ ᠠᠷᠠᠤᠨ ᠨᠢ ᠰᠢᠯᠤᠭᠤᠨ ᠪᠣᠯᠬᠤᠷ ᠰᠢᠯᠤᠭᠤᠨ ᠭᠡᠰᠡᠨ ᠳᠤᠳᠤᠤᠠᠬᠠᠯ ᠲᠡᠶ᠃


ᠠᠵᠠ ᠶᠢᠨ ᠴᠠᠭᠠᠨ ᠪᠣᠶᠠᠨ ᠤ

ᠶ‍ᠢᠰᠤᠨ ᠭᠦᠰᠡᠯ ᠢ ᠳᠡᠭᠡᠳᠦᠯᠡᠵᠤ

ᠠᠷᠭᠤᠮᠠᠭ ᠳᠤᠭᠰᠢᠨ ᠭᠦᠯᠦᠭ᠌ ᠤᠨ

ᠶᠠᠰᠤᠨ ᠴᠥᠮᠦᠭᠡ ᠶᠢ ᠲᠦᠯᠵᠢᠭᠦᠯᠵᠤ

ᠠᠷᠠᠤᠨ ᠮᠠᠯᠴᠢᠨ ᠴᠠᠬᠠᠷᠴᠤᠤᠯ ᠤᠨ

ᠵᠢᠷᠦᠭᠡᠨ ᠳᠠᠮᠢᠷ ᠢ ᠡᠷᠴᠢᠯᠡᠵᠤ

ᠠᠷᠪᠠᠨ ᠳᠠᠪᠤᠨ ᠤ ᠰᠠᠷᠠᠨ ᠤ

ᠵᠢᠰᠤ ᠨᠢ ᠪᠣᠯᠤᠨ ᠭᠢᠯᠠᠯᠵᠠᠵᠤ

ᠴᠣᠢ᠌ᠯᠤᠨ ᠣᠷᠭᠢᠯᠤᠭᠰᠠᠨ ᠰᠡᠳᠭᠢᠯ ᠰᠢᠭ

ᠣᠢ᠌ᠯᠤᠨ ᠣᠠᠳᠤᠷᠤᠭᠰᠠᠨ ᠣᠷᠭᠢᠬᠤ ᠪᠣᠯᠠᠭ

ᠴᠣᠢ᠌ᠨᠤᠮ ᠢ ᠰᠢᠳᠦᠳᠡᠭ᠌ ᠮᠢᠨᠤ

ᠤᠢ᠌ᠴᠢᠨ ᠪᠣᠰᠤᠭᠰᠠᠨ ᠥᠯᠦᠭᠡᠢ ᠣᠷᠤᠨ ᠡ᠁


ᠮᠤᠨᠢ ᠠᠭᠤᠯᠠ ᠶᠢᠨ ᠵᠡᠭᠦᠨ ᠰᠡᠵᠢᠭᠦᠷ ᠳᠠᠭᠢ ᠬᠠᠮᠤᠭ ᠦᠨᠳᠦᠷ ᠣᠷᠭᠢᠯ

ᠮᠤᠩᠭ᠋ᠤᠯ ᠭᠠᠵᠠᠷ ᠢ ᠰᠤᠩᠭ᠋ᠤᠵᠤ ᠣᠷᠭᠤᠭᠰᠠᠨ ᠬᠠᠨ ᠳᠡᠭ᠍ᠷᠢ ᠶᠢᠨ ᠪᠠᠭᠠᠨ᠎ᠠ

ᠦᠨᠢᠷ ᠲᠦᠮᠡᠨ ᠠᠷᠠᠤᠨ ᠤᠨ ᠮᠢᠨᠢ ᠰᠢᠳᠤᠵᠤ ᠳᠠᠭᠠᠳᠬᠠᠳᠠᠭ ᠥᠡᠳᠦᠷᠯᠢᠭ᠌

ᠦᠷᠳᠡᠭᠡᠨ ᠡᠴᠡ ᠡᠮᠦᠨᠡᠭᠡᠨ ᠪᠠᠢ᠌ᠷᠢᠯᠠᠭᠰᠠᠨ ᠥᠭᠡᠷᠴᠢᠨ ᠭᠡᠮᠡᠭᠦ ᠣᠪᠣᠭ᠎ᠠ ᠳᠠᠢ


ᠨᠠᠰᠤᠨ ᠵᠠᠯᠠᠭᠤ ᠡᠷᠡᠨ ᠤ ᠵᠢᠰᠤ ᠨᠢ ᠭᠠᠯᠪᠢᠷ ᠦᠬᠢᠨ ᠰᠢᠭ᠌

ᠨᠠᠷᠠᠳᠤ ᠶᠢᠨ ᠰᠠᠢ᠌ᠬᠠᠨ ᠪᠠᠶᠠᠠᠨᠠᠭᠤᠷ ᠨᠠᠮᠤᠬᠠᠨ ᠣᠷᠤᠰᠳᠠᠭ ᠭᠡᠢ᠌ᠪᠠᠩ

ᠨᠠᠷᠠᠨ ᠰᠠᠷᠠᠨ ᠬᠤᠶᠠᠷ ᠬᠠᠯᠠᠭ᠎ᠠ ᠰᠤᠯᠢᠨ ᠣᠮᠪᠠᠭᠰᠠᠨ

ᠨᠠᠮᠤᠷ ᠤᠨ ᠬᠤᠨ ᠤ ᠱᠤᠤᠭᠢᠶᠠᠠᠳᠤ ᠵᠢᠭᠠᠰᠤᠳᠠᠢ ᠨᠠᠭᠤᠷ ᠤᠨ ᠴᠡᠭᠡᠯ


ᠦᠷ᠎ᠡ ᠶᠢᠨ ᠬᠤᠳᠤᠭ ᠵᠥᠩᠨᠡᠭ᠍ᠰᠡᠨ ᠬᠡᠦᠬᠡᠳ ᠤᠨ ᠣᠪᠣᠭᠠᠳᠤ ᠰᠢᠷ᠎ᠠ ᠨᠠᠭᠤᠷ

ᠦᠶ᠎ᠡ ᠶᠢᠨ ᠦᠶ᠎ᠡ ᠳᠡᠭᠡᠨ ᠠᠯᠳᠠᠷᠰᠢᠭᠰᠠᠨ ᠠᠬ᠎ᠠ ᠳᠡᠭᠦᠤ ᠭᠤᠷᠪᠠᠨ ᠡᠷᠳᠡᠮᠳᠡᠨ

ᠦᠨᠢ ᠮᠥᠩᠭᠡ ᠶᠢᠨ ᠶᠦᠩᠷᠤᠩᠰᠤ ᠠᠷᠠᠤᠨ ᠤᠨ ᠳᠠᠭᠤᠨ ᠤ ᠳᠡᠷᠢᠭᠦᠨ

ᠥᠭᠡᠷ ᠳᠡᠷᠭᠡ ᠪᠠᠷ ᠳᠤᠭᠤᠯᠤᠭᠰᠠᠨ ᠵᠠᠷᠤᠳ ᠤᠨ ᠴᠡᠩᠭᠡᠷ ᠳᠠᠯ᠎ᠠ


ᠠᠷᠢᠭᠢᠨ ᠳᠤ ᠳᠤᠷᠠᠳᠠᠢ ᠨᠠᠳᠠᠳᠤ ᠬᠤᠠᠳᠠᠭᠠᠨ ᠬᠡ ᠲᠡᠶ ᠬᠠᠷᠠᠭᠳᠠᠭᠰᠠᠨ

ᠠᠷᠤ ᠪᠣᠯᠠᠭ ᠤᠨ ᠣᠰᠤᠨ ᠦᠪᠣᠷ ᠮᠤᠩᠭ᠋ᠤᠯ ᠤᠨ ᠷᠠᠰᠢᠶᠠᠨ

ᠠᠶᠠᠨ ᠨᠡᠭᠦᠳᠡᠯ ᠤᠨ ᠴᠠᠭ ᠲᠤ ᠦᠳᠡ ᠶᠢᠨ ᠪᠠᠭᠤᠳᠠᠯ ᠪᠣᠯᠳᠠᠭ

ᠠᠮᠠᠷᠠᠭ ᠭᠡᠦᠭᠡᠨ ᠤ ᠨᠢᠳᠤᠨ ᠭᠡᠮᠡᠷ ᠮᠣᠢ᠌ᠯᠳᠤ ᠶᠢᠨ ᠵᠢᠭᠠᠬᠠᠨ ᠱᠠᠩᠳᠤ


᠊ᠭ᠍ᠱᠡᠨ ᠳᠤ ᠪᠣᠯᠤᠭᠰᠠᠨ ᠪᠣᠰᠢᠭᠤ ᠳᠠᠢ᠌ᠨ ᠊᠊᠊᠊᠊᠊᠊᠊᠊᠊᠊᠊᠊᠊᠊ ᠪᠣᠱᠤᠤᠳᠠᠢ

ᠠᠶᠠᠯᠠᠭᠠᠤᠨ ᠭᠠᠷᠬᠤ ᠳᠤ ᠭᠦᠮᠦᠰ ᠨᠢ ᠣᠠᠳᠠᠭᠠᠤᠨ ᠪᠣᠰᠤᠭᠠᠳᠤᠢ

ᠠᠶᠠᠭ᠎ᠠ ᠪᠠᠷ ᠭᠡᠪᠯᠡᠭ᠍ᠰᠡᠨ ᠬᠤᠷᠤᠳ ᠰᠢᠭ ᠭᠤᠷᠪᠠᠨ ᠭᠦᠯᠢᠶᠡᠨ ᠤ ᠮᠠᠩᠬ᠎ᠠ

ᠠᠭᠤᠤ ᠴᠢᠩᠭᠢᠰ ᠤᠨ ᠥᠯᠡᠳᠡᠭᠡᠭ᠍ᠰᠡᠨ ᠥᠯᠢᠭᠡᠷ ᠳᠡᠦᠭᠡ ᠳᠤᠮᠤᠭ


ᠡᠨᠡᠷᠢᠯᠳᠤ ᠡᠵᠢ ᠪᠠᠨ ᠮᠥᠷᠦᠭᠡᠳᠦᠭᠡᠳ ᠰᠠᠩ ᠳᠠᠯᠪᠢᠭᠰᠠᠨ ᠳᠤᠶ‍ᠢᠩ

ᠡᠷᠭᠢᠨ ᠡᠷᠭᠢᠨ ᠰᠠᠨᠠᠬᠤ ᠳᠤ ᠬᠠᠨᠠᠢ᠌ᠵᠤ ᠬᠠᠷᠠᠭᠳᠠᠭᠰᠠᠨ ᠬᠠᠢ᠌ᠷᠬᠠᠨ

ᠡᠵᠢ ᠶᠢᠨ ᠭᠦᠭᠦ ᠰᠢᠭ᠌ ᠳᠤᠮᠪᠣᠢ᠌ᠭᠰᠠᠨ ᠬᠤᠶᠠᠷ ᠰᠠᠢ᠌ᠬᠠᠨ ᠣᠪᠣᠭ᠎ᠠ

ᠡᠯᠢᠭᠡᠨ ᠡᠴᠡ ᠨᠢ ᠢᠪᠢᠯᠦᠭ᠍ᠰᠡᠨ ᠰᠥ᠋ ᠰᠢᠭ᠌ ᠰᠦᠮᠠᠳᠤ ᠭᠦᠢᠰᠤ ᠶᠢᠨ ᠭᠤᠤᠯ


ᠮᠦᠨᠳᠤᠷ ᠰᠢᠭ᠌ ᠳᠤᠭᠰᠢᠨ ᠬᠤᠪᠢᠰᠬᠠᠯ ᠳᠤ ᠳᠤᠪᠷᠠᠭ ᠪᠣᠯᠳᠠᠯ᠎ᠠ ᠳᠠᠯᠭᠢᠭᠳᠠᠭᠰᠠᠨ

ᠮᠥᠷᠭᠦᠯᠴᠢᠨ ᠠᠷᠠᠤᠨ ᠤᠨ ᠰᠢᠳᠦᠭᠡᠨ ᠬᠠᠳᠠᠨ ᠬᠤᠰᠢᠭᠤ ᠰᠦᠮ᠎ᠡ

ᠮᠥᠭᠡᠷᠡᠨ ᠮᠥᠭᠡᠷᠡᠨ ᠣᠴᠢᠬᠤ ᠳᠤ ᠮᠥᠩᠭᠡ ᠮᠥᠩᠭᠡ ᠶᠢᠨ ᠵᠥᠭᠡᠯᠡᠨ ᠭᠤᠤᠯ

ᠮᠦᠤᠠᠳᠤ ᠮᠦᠤᠠᠳᠤ ᠰᠠᠨᠠᠭᠳᠠᠬᠤ ᠮᠥᠮᠥ ᠶᠢᠨ ᠰᠦᠨ ᠤ ᠴᠠᠭᠠᠨ ᠨᠠᠭᠤᠷ


ᠣᠷᠭ᠎ᠠ ᠶᠢᠨ ᠥᠵᠦᠭᠦᠷ ᠶᠢᠡᠷ ᠰᠠᠳᠠᠯᠠᠵᠤ ᠠᠳᠤᠭᠤ ᠪᠠᠨ ᠳᠤᠭᠠᠯᠠᠭᠰᠠᠨ ᠳᠠᠪᠠᠭ᠎ᠠ

ᠣᠨᠤᠭ᠎ᠠ ᠴᠡᠷᠢᠭ᠌ ᠶᠢᠡᠨ ᠠᠮᠠᠷᠠᠭᠠᠵᠤ ᠰᠠᠭᠠᠳᠠᠵᠤ ᠰᠠᠭᠤᠭᠰᠠᠨ ᠰᠠᠭᠠᠳᠠᠭ

ᠵᠠᠭᠤᠨ ᠤ ᠪᠦᠦᠪᠠᠢ ᠠᠶᠠᠯᠠᠭᠰᠠᠨ ᠱᠠᠩᠳᠤ ᠶᠢᠨ ᠭᠤᠤᠯ ᠤᠨ ᠱᠤᠤᠭᠢᠶᠠᠨ

ᠵᠤᠳ ᠲᠡᠶ ᠭᠠᠩ ᠲᠡᠶ ᠴᠤ ᠳᠡᠯᠭᠡᠷᠡᠭᠦ ᠰᠢᠷ᠎ᠠ ᠳᠠᠯ᠎ᠠ ᠶᠢᠨ ᠴᠡᠴᠡᠭ᠌


ᠭᠠᠪᠢᠶᠠᠨ ᠱᠠᠩ ᠤᠨ ᠭᠡᠰᠢᠭ᠌ ᠰᠠᠩ ᠤᠨ ᠳᠠᠯᠠᠢ ᠨᠠᠭᠤᠷ

ᠭᠠᠵᠠᠷ ᠤᠨ ᠨᠤᠭᠤᠭᠠᠨ ᠮᠠᠯᠮᠠᠢ ᠰᠢᠭ᠌ ᠳᠠᠭ᠎ᠠ ᠶᠢᠨ ᠴᠡᠩᠭᠡᠷ ᠣᠰᠤᠨ

ᠡᠭᠦᠷᠢᠳᠡ ᠰᠢᠷᠭᠢᠰᠢ ᠦᠭᠡᠶ ᠮᠥᠩᠭᠡ ᠶᠢᠨ ᠣᠠᠳᠤᠷᠤᠯᠳᠤ ᠰᠠᠢ᠌ᠠᠬᠤᠤᠠᠳᠤᠭ

ᠡᠭᠦᠯᠡ ᠴᠤᠭᠤᠯᠤᠨ ᠰᠡᠭᠦᠢᠭ᠍ᠰᠡᠨ ᠠᠳᠤᠭᠤᠨ ᠬᠤᠤᠠᠳᠤᠭ ᠤᠨ ᠠᠭᠤᠯᠠᠰ


ᠬᠠᠭᠠᠨ ᠤ ᠵᠠᠩᠵᠤᠨ ᠦᠷᠡᠭ᠍ᠳᠡᠭ᠍ᠰᠡᠨ ᠬᠠᠩᠬᠠᠯ ᠪᠠᠶᠠᠠᠮᠠᠠᠳᠤ ᠡᠴᠡ ᠳᠡᠷᠢᠭᠦᠯᠡᠵᠤ

ᠬᠠᠷ᠎ᠠ ᠪᠠᠭᠠᠪᠠᠭᠠᠢ ᠶᠢᠨ ᠡᠵᠡᠨ ᠲᠡᠶ ᠨᠡᠭᠦᠳᠡᠭᠡᠢ ᠮᠠᠩᠬᠠᠨ ᠣᠪᠣᠭ᠎ᠠ ᠨᠤᠭᠤᠳ

ᠮᠣᠢ᠌ᠯ ᠠᠯᠠᠭ ᠨᠢᠳᠤᠳᠠᠨ ᠰᠢᠭ᠌ ᠣᠰᠤ ᠨᠢ ᠣᠷᠠᠨ ᠬᠤᠠᠳᠤ ᠡᠴᠡ

ᠮᠤᠩᠭ᠋ᠤᠯ ᠤᠨ ᠴᠡᠷᠢᠭ᠌ ᠢ ᠰᠡᠷᠭᠡᠢ᠌ᠯᠡᠭ᠍ᠰᠡᠨ ᠪᠠᠭᠤᠷᠠᠢ ᠨᠢ ᠪᠠᠯᠠᠷᠬᠠᠢ ᠭᠡᠷᠡᠮᠳᠤ ᠭᠦᠷᠳᠡᠯ᠎ᠡ

ᠰᠢᠯᠤᠭᠤᠨ ᠭᠦᠭᠡ ᠶᠢᠨ ᠵᠢᠷᠤᠭ ᠨᠠᠷᠠᠨ ᠤ ᠳᠤᠶᠠᠭᠠᠨ ᠳᠤ ᠨᠠᠯᠠᠢ᠌ᠨ᠎ᠠ

ᠰᠢᠳᠤᠷᠭᠤ ᠲᠦᠮᠡᠨ ᠠᠷᠠᠤᠨ ᠨᠢ ᠮᠠᠯ ᠤᠨ ᠳᠤᠮᠳᠠ ᠨᠠᠯᠠᠢ᠌ᠨ᠎ᠠ᠃


ᠯᠤᠤ ᠭᠡᠪᠳᠡᠭ᠍ᠰᠡᠨ ᠰᠢᠭ᠌ ᠭᠦᠡᠳᠡᠯᠡᠨ ᠬᠤᠧᠨ ᠬᠠᠭᠠᠨ ᠡᠵᠡᠨ ᠤ ᠰᠠᠭᠤᠳᠠᠯ

ᠯᠤᠤᠰ ᠤᠨ ᠣᠷᠤᠨ ᠰᠢᠭ ᠣᠰᠤᠳᠤᠴᠠᠭᠠᠨ ᠬᠠᠳᠤᠨ ᠡᠵᠢ ᠶᠢᠨ ᠣᠷᠳᠤᠨ

ᠣᠷᠤᠭᠰᠢᠯᠠᠬᠤ ᠡᠷᠡᠨ ᠤ ᠣᠷᠢᠶ᠎ᠠ ᠲᠡᠶ ᠣᠯᠠᠭᠠᠨ ᠳᠤᠭ ᠤᠨ ᠳᠠᠪᠤᠨ ᠣᠳᠤ

ᠤᠶᠠᠩ‍ᠭ᠎ᠠ ᠡᠭᠡᠰᠢᠭ᠌ ᠤᠨ ᠴᠤᠤᠷᠢᠶ᠎ᠠ ᠲᠡᠶ ᠣᠷᠳᠤ ᠶᠢᠨ ᠳᠠᠭᠤᠨ ᠤ ᠪᠠᠶᠠᠠᠨᠠᠭᠤᠷ


ᠰᠤᠪᠣᠤᠨ ᠱᠢᠷᠤ ᠰᠢᠭ᠌ ᠰᠥᠷᠦᠭ᠌ ᠨᠢ ᠳᠠᠯ᠎ᠠ ᠳᠦᠭᠦᠷᠡᠭ᠍ᠰᠡᠨ ᠪᠠᠶᠡᠡᠰᠥ᠋ᠷᠦᠭ᠌

ᠰᠤᠨᠤᠮ᠎ᠠ ᠬᠤᠯᠠ ᠳᠠᠭᠠᠨ ᠨᠠᠯᠠᠢ᠌ᠭᠰᠠᠨ ᠳᠠᠩᠰᠤᠭ ᠪᠠᠶᠠᠨ ᠭᠠᠩᠭ᠋ᠠᠠᠳᠠᠯ᠎ᠠ

ᠡᠵᠡᠨ ᠤ ᠣᠮᠤᠭ ᠨᠢ ᠪᠠᠭᠤᠷᠠᠭ᠎ᠠ ᠦᠭᠡᠶ ᠡᠭᠡᠯ ᠪᠣᠰᠤ ᠶᠢᠨ ᠵᠢᠪᠬᠤᠯᠠᠩᠳᠤ

ᠡᠩᠭᠡᠰᠦᠭᠡᠨ ᠥᠩᠭᠡ ᠪᠠᠨ ᠠᠯᠳᠠᠭ᠎ᠠ ᠦᠭᠡᠶ ᠡᠷᠳᠡᠨᠢ ᠶᠢᠨ ᠳᠡᠭᠡᠳᠤ ᠠᠯᠳᠠᠳᠠᠢ


ᠭᠡᠷᠦᠰᠦᠳᠡᠢ ᠵᠡᠭᠡᠰᠦᠳᠡᠢ ᠪᠣᠷᠭᠠᠰᠤᠳᠠᠢ ᠭᠡᠵᠢᠶᠠᠳᠠ ᠪᠢᠳᠡᠭᠦᠭᠡᠨ ᠱᠤᠤᠭᠢᠨ᠎ᠡ

ᠬᠤᠯᠤᠰᠤᠳᠠᠢ ᠭᠤᠭᠤᠰᠤᠳᠠᠢ ᠵᠢᠭᠠᠰᠤᠳᠠᠢ ᠭᠡᠵᠢᠶᠠᠳᠠ ᠨᠠᠮᠠᠤᠬᠠᠨ ᠠᠨᠢᠷᠯᠠᠨ᠎ᠠ

ᠨᠡᠭᠦᠳᠡᠯ ᠤᠨ ᠣᠯᠠᠨ ᠰᠢᠪᠠᠭᠤᠳ ᠤᠨ ᠡᠷᠡᠮ ᠤᠨ ᠳᠠᠭᠤᠨ ᠤ ᠨᠤᠲ᠋

ᠨᠥᠭᠦᠤᠨ ᠵᠠᠭᠤᠷ᠎ᠠ ᠶᠢᠨ ᠨᠠᠢ᠌ᠷ ᠢ ᠰᠠᠨᠠᠭᠳᠠᠭᠤᠯᠵᠤ ᠪᠠᠢ᠌ᠳᠠᠭ ᠠᠪᠢᠶ᠎ᠠ


ᠨᠠᠯᠠᠭᠠᠷᠳᠠᠨ ᠨᠠᠯᠠᠭᠠᠷᠳᠠᠨ ᠬᠠᠷᠠᠭᠳᠠᠬᠤ ᠰᠢᠷ᠎ᠠ ᠬᠤᠭᠤᠯᠠᠢ ᠶᠢᠨ ᠵᠤᠰᠠᠯᠠᠩ

ᠨᠠᠮᠢ᠋ᠢ ᠪᠠᠷᠢᠮᠠᠷ ᠰᠢᠬᠠᠭᠰᠠᠨ ᠳᠤᠯᠤᠭᠠᠨ ᠮᠡᠭᠡᠢ ᠭᠦᠷᠡᠩ

ᠦᠨᠵᠢᠨ ᠦᠨᠵᠢᠨ ᠮᠠᠴᠤᠳᠠᠭ ᠦᠨᠳᠦᠷ ᠰᠥᠷᠯᠢᠭ᠌ ᠪᠣᠯᠠᠭᠠᠠᠳᠤ

ᠥᠭᠡᠳᠡ ᠡᠴᠡ ᠮᠠᠯᠠᠢ᠌ᠵᠤ ᠬᠠᠷᠠᠳᠠᠭ ᠨᠤᠭᠤᠭᠠᠨ ᠤ ᠰᠤᠬᠤᠷ ᠳᠠᠤᠯᠠᠢ


ᠳᠤᠯᠭ᠎ᠠ ᠶᠢᠨ ᠭᠤᠷᠪᠠᠨ ᠴᠢᠯᠠᠭᠤ ᠰᠢᠭ ᠴᠠᠩᠳᠤ ᠪᠠᠷᠰᠳᠤ ᠪᠢᠯᠡᠭᠦᠳᠤ

ᠳᠤᠭ ᠤᠨ ᠭᠡᠢ᠌ᠮᠦᠷᠢ ᠨᠦᠮᠤᠷᠠᠨ ᠡᠭᠦᠯᠡᠨ ᠭᠦᠭᠡ ᠪᠠᠷ ᠨᠠᠮᠢᠷᠠᠨ᠎ᠠ

ᠳᠤᠶᠠᠭ᠎ᠠ ᠳᠠᠳᠠᠭᠰᠠᠨ ᠳᠠᠯ᠎ᠠ ᠳᠤᠭᠤᠷᠠᠭ᠎ᠠ ᠳᠡᠯᠢᠭ᠍ᠰᠡᠨ ᠣᠪᠣᠭᠳᠠᠨ ᠤ ᠪᠠᠨ

ᠳᠤᠩᠬᠠᠭ ᠪᠣᠯᠤᠨ ᠭᠢᠯᠠᠯᠵᠠᠵᠤ ᠴᠠᠮᠬᠠᠭ ᠪᠣᠯᠤᠨ ᠰᠦᠨᠳᠠᠷᠯᠠᠨ᠎ᠡ᠃


ᠱᠠᠩᠬᠤ ᠲᠡᠶ ᠰᠢᠷᠭ᠎ᠠ ᠪᠠᠨ ᠳᠠᠭᠤᠯᠠᠬᠤ ᠳᠤ ᠮᠤᠷᠢᠳ ᠤᠨ ᠵᠢᠷᠤᠭ᠎ᠠ ᠣᠷᠠᠨ

ᠱᠠᠯ ᠰᠤᠭᠳᠤᠭᠠᠤᠨ ᠠᠯᠬᠤᠭᠰᠠᠨ ᠴᠤ ᠮᠤᠩᠭ᠋ᠤᠯ ᠤᠨ ᠭᠦᠳᠡᠭᠡ ᠠᠮᠤᠭᠤᠯᠠᠩ

ᠰᠢᠵᠢᠷᠠᠭᠤᠨ ᠳᠦᠷᠦᠭ᠍ᠰᠡᠨ ᠡᠵᠡᠨ ᠤ ᠪᠠᠨ ᠵᠢᠷᠦᠭᠡᠨ ᠳᠤ ᠨᠤᠴᠤᠬᠤ ᠳᠠᠮᠢᠷ ᠤᠨ ᠭᠢᠨᠢ

ᠱᠠᠰᠢᠷᠯᠠᠨ ᠪᠣᠢ ᠲᠦᠯᠤᠨ ᠳᠡᠭᠡᠷ᠎ᠡ ᠦᠷᠠᠰ ᠤᠨ ᠭᠢᠨᠢ ᠭᠡᠢ᠌ᠮᠦᠷᠢ ᠳᠠᠪᠳᠠᠭᠳᠠᠨ᠎ᠠ


ᠳᠠᠷᠢᠶᠠᠯᠠᠭᠰᠠᠨ ᠰᠤᠶᠤᠯ ᠢ ᠬᠠᠷᠠᠭᠤᠯᠤᠭᠰᠠᠨ ᠵᠢᠷᠦᠭᠡᠨ ᠪᠣᠷᠤ ᠶᠢᠨ ᠱᠠᠩᠰᠢᠳᠤ

ᠳᠠᠷᠢᠮ ᠤᠨ ᠬᠤᠳᠤᠭᠤᠷ ᠢ ᠳᠦᠭᠦᠷᠡᠭᠡᠮᠡᠷ ᠪᠠᠶᠠᠪᠣᠯᠠᠭ ᠤᠨ ᠭᠦᠳᠦᠭᠦᠷ

ᠳᠠᠨᠢᠬᠤ ᠳᠠᠨᠢᠬᠤ ᠦᠭᠡᠶ ᠠᠭᠤᠯᠠ ᠣᠰᠤ ᠣᠷᠭᠤᠮᠠᠯ

ᠳᠠᠢ᠌ᠯᠤᠭ ᠤᠨ ᠳᠠᠪᠠᠭ ᠢ ᠬᠠᠳᠠᠭᠠᠮᠠᠷ ᠨᠡᠯᠦᠭᠡᠷ ᠮᠠᠩᠬᠠᠨ ᠳᠠᠯᠠᠢ


ᠡᠨᠡ ᠰᠠᠢ᠌ᠬᠠᠨ ᠨᠤᠳᠤᠭ ᠤᠨ ᠮᠢᠨᠢ ᠥᠯᠢᠭᠡᠷ ᠪᠦᠭᠦᠨ ᠣᠴᠢᠷ ᠳᠠᠢ

ᠡᠵᠡᠨ ᠲᠡᠶ ᠡᠰᠢ ᠲᠡᠶ ᠢᠷᠡᠭ᠍ᠰᠡᠨ ᠮᠤᠩᠭ᠋ᠤᠯ ᠤᠨ ᠪᠦᠳᠤᠨ ᠭᠢᠵᠠᠭᠠᠷ

ᠠᠲ᠋ᠤᠮ ᠤᠨ ᠵᠠᠭᠤᠨ ᠡᠴᠡ ᠣᠷᠢᠤᠠᠴᠢᠯᠠᠭᠰᠠᠨ ᠠᠳᠤᠭᠤᠨ ᠤ ᠵᠠᠭᠤᠨ ᠲᠡᠶ ᠮᠤᠩᠭ᠋ᠤᠯ ᠤᠨ

ᠠᠬᠠᠷ ᠰᠠᠯᠠᠮ᠎ᠠ ᠪᠠᠷ ᠶᠢᠡᠨ ᠪᠠᠢ᠌ᠭᠤᠯᠤᠭᠰᠠᠨ ᠪᠦᠷᠢᠨ ᠡᠷᠭᠡᠳᠤ ᠨᠤᠳᠤᠭ ᠪᠠᠢ᠌ᠨ᠎ᠠ᠃


ᠴᠢᠯᠠᠭᠤ ᠰᠢᠷᠤᠢ ᠬᠤᠶᠠᠷ ᠢ ᠳᠠᠷᠢ ᠪᠣᠯᠳᠠᠯ᠎ᠠ ᠨᠦᠳᠦᠵᠦ

ᠴᠢᠰᠤ ᠰᠢᠷᠪᠣᠰᠤ ᠬᠤᠶᠠᠷ ᠶᠢᠡᠨ ᠪᠣᠯᠤᠳ ᠪᠣᠯᠳᠠᠯ᠎ᠠ ᠳᠠᠪᠳᠠᠵᠤ

ᠶᠠᠰᠤᠨ ᠬᠠᠳᠠᠭᠤ ᠪᠠᠭᠠᠳᠤᠷ ᠤᠳ ᠮᠦᠰᠤᠨ ᠳᠠᠯᠠᠢ ᠶᠢ ᠭᠡᠳᠦᠯᠵᠤ

ᠶᠠᠰᠢᠯ ᠽᠠᠠᠳᠠᠨ ᠡᠮᠡᠭᠡᠯ ᠳᠡᠭᠡᠷ᠎ᠡ ᠭᠢᠰᠤᠯ ᠳᠤᠭᠠᠴᠠᠨ ᠳᠤᠪᠳᠤᠯᠵᠤ

ᠳᠠᠯᠠᠢ᠌ᠭᠰᠠᠨ ᠭᠦᠭᠡ ᠰᠠᠯᠠᠮ᠎ᠠ ᠪᠠᠨ ᠭᠦᠯᠦᠭ᠌ ᠤᠨ ᠵᠢᠪᠠᠷ ᠪᠢᠯᠡᠭᠦᠳᠡᠨ

ᠳᠠᠪᠠᠯᠭᠠᠯᠠᠭᠰᠠᠨ ᠦᠶᠡᠷ ᠰᠢᠭ᠌ ᠴᠡᠷᠢᠭ᠌ ᠶᠢᠡᠷ ᠳᠠᠢ᠌ᠳᠤᠭᠰᠠᠨ ᠪᠦᠭᠦᠨ ᠶᠢᠡᠨ ᠢᠯᠠᠵᠤ

ᠳᠠᠶᠠᠩ ᠳᠡᠯᠡᠭᠡᠢ ᠳᠤ ᠠᠯᠳᠠᠷᠰᠢᠭᠰᠠᠨ ᠠᠭᠤᠳᠠᠮ ᠰᠢᠷ᠎ᠠ ᠳᠠᠯ᠎ᠠ ᠵᠢᠨ

ᠳᠠᠯᠪᠠᠭ᠎ᠠ ᠬᠠᠶᠠᠨ ᠳᠡᠯᠭᠡᠷᠡᠭ᠍ᠰᠡᠨ ᠠᠯᠳᠠᠨ ᠬᠤᠧᠨ ᠶᠢᠨ ᠳᠤᠮᠳᠠ

ᠳᠡᠭᠡᠳᠤ ᠨᠠᠢ᠌ᠰᠯᠠᠯ ᠶᠢᠡᠨ ᠪᠠᠢ᠌ᠭᠤᠯᠤᠨ ᠱᠠᠩᠳᠤ ᠭᠡᠮᠡᠨ ᠨᠠᠷᠠᠢ᠌ᠤᠠᠴᠤ

ᠳᠡᠯᠡᠭᠡᠢ ᠳᠤ ᠥᠯᠡᠳᠡᠭᠡᠭ᠍ᠰᠡᠨ ᠦᠪ ᠰᠢᠯᠤᠭᠤᠨ ᠭᠦᠭᠡ ᠮᠢᠨᠢ ᠪᠠᠢ᠌ᠨ᠎ᠠ᠃

ᠡᠳᠡᠭᠡᠷ ᠪᠦᠭᠦᠨ ᠶᠢᠡᠨ ᠮᠠᠷᠳᠠᠪᠠᠯ ᠡᠵᠡᠨ ᠤ ᠵᠠᠶᠠᠭ᠎ᠠ ᠬᠠᠵᠠᠢ᠌ᠵᠤ

ᠡᠩᠭᠦᠷᠡᠢ ᠬᠣᠢ᠌ᠴᠠᠰ ᠲᠠᠭᠠᠨ ᠥᠯᠡᠳᠡᠭᠡᠭᠦ ᠭᠡᠷ ᠤᠨ ᠵᠠᠢ ᠢᠪᠴᠤᠤᠷᠠᠨ᠎ᠠ᠃

ᠡᠷᠭᠢᠭᠦᠤ ᠮᠤᠩᠬᠠᠭ ᠭᠡᠮᠡᠨ ᠲᠦᠮᠡᠨ ᠤ ᠠᠮᠠᠨ ᠳᠤ ᠬᠠᠷᠢᠶᠠᠭᠳᠠᠨ

ᠡᠷᠯᠢᠭ᠌ ᠤᠨ ᠣᠷᠤᠨ ᠳᠤ ᠣᠴᠢᠭᠰᠠᠨ ᠴᠤ ᠣᠩᠭ᠋ᠤᠨ ᠤ ᠭᠠᠵᠠᠷ ᠦᠭᠡᠶ ᠭᠠᠴᠢᠭᠳᠠᠨ᠎ᠠ᠃



2009.7.12 ᠱᠠᠩᠳᠤ ᠪᠠᠯᠭᠠᠰᠤᠨ᠎ᠠ



ᠵᠤᠬᠢᠶᠠᠭᠴᠢ ᠶᠢᠨ ᠬᠠᠶ‍ᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ