ᠨᠡᠪᠲᠡᠷᠡᠨ ᠤᠷᠤᠬᠤ
ᠡᠭᠡᠯ ᠵᠢᠷ ᠤᠨ ᠬᠢᠭᠡᠳ ᠡᠷᠬᠢᠮ ᠳᠡᠭᠡᠳᠦ

ᠵᠠᠷᠢᠮ ᠭᠦᠮᠤᠨ ᠪᠠᠬᠠᠨ ᠵᠡᠷᠭᠡ ᠳᠠᠰ ᠲᠡᠶ᠂ ᠪᠠᠢ᠌ᠷᠢ ᠰᠠᠭᠤᠷᠢ ᠲᠡᠶ ᠶᠠᠪᠣᠭᠰᠠᠨ ᠶᠢᠡᠨ ᠦᠪᠡᠷ ᠤᠨ ᠶᠢᠡᠨ ᠴᠢᠳᠠᠯ ᠭᠡᠵᠤ ᠥᠵᠡᠭᠡᠤᠨ᠂ ᠭᠠᠵᠠᠷ ᠪᠣᠯᠭᠠᠨ ᠳᠤ ᠯᠠᠷᠵᠢᠶ᠎ᠠ ᠶᠠᠩᠪᠠ ᠳᠠᠳᠠᠵᠤ ᠭᠦᠮᠤᠨ ᠯᠠ ᠦᠵᠡᠪᠠᠯ ᠦᠪᠡᠷ ᠤᠨ ᠪᠠᠶ᠎ᠠ ᠪᠠᠨ ᠦᠯᠢᠶᠠᠨ ᠭᠠᠢ᠌ᠬᠠᠭᠤᠯᠵᠤ ᠂ ᠭᠢᠭ᠍ᠰᠡᠨ ᠪᠠᠬᠠᠨ ᠠᠵᠢᠯ ᠶᠢᠡᠨ ᠭᠠᠪᠢᠶᠠᠷᠬᠠᠨ ᠳᠤᠭᠠᠴᠢᠭᠠᠤᠨ ᠶᠠᠪᠣᠳᠠᠯ ᠪᠣᠯᠭᠠᠨ ᠳᠤ ᠵᠤᠬᠢᠶᠠᠨ ᠪᠠᠢ᠌ᠭᠤᠯᠤᠯᠳᠠ ᠡᠴᠡ ᠬᠠᠷᠠᠭᠠᠯᠵᠠᠯᠠᠯ ᠣᠯᠬᠤ ᠶᠢ ᠭᠤᠷᠢᠳᠠᠵᠤ ᠂ ᠴᠠᠭ ᠥᠷᠭᠦᠯᠵᠢ ᠠᠷᠠᠤᠨ ᠲᠦᠮᠡᠨ ᠡᠴᠡ ᠠᠴᠢ ᠬᠠᠷᠢᠭᠤᠯᠳᠠ ᠠᠪᠬᠤ ᠪᠠᠷ ᠰᠠᠨᠠᠭᠠᠰᠢᠷᠠᠳᠠᠭ ᠃ ᠦᠨᠦᠳᠤᠷ ᠤᠨ ᠡᠷᠭᠡ ᠴᠢᠯᠦᠭᠡ ᠵᠤᠯ ᠵᠢᠷᠭᠠᠯ ᠤᠨ ᠶᠠᠷᠤ ᠪᠣᠰᠤ ᠶᠢᠨ ᠢᠷᠠᠯ ᠭᠠᠷᠤᠯ ᠢ ᠥᠴᠦᠭᠡᠨ ᠴᠤ ᠡᠷᠭᠢᠴᠡᠭᠦᠯᠵᠤ ᠥᠵᠡᠭᠦ ᠦᠭᠡᠶ ᠪᠦᠭᠡᠤᠨ ᠳᠡᠭᠦᠨ ᠤ ᠡᠷᠭᠡ ᠳᠤᠰᠢᠶᠠᠯ ᠢ ᠨᠠᠮ ᠪᠠ ᠠᠷᠠᠤᠨ ᠲᠦᠮᠡᠨ ᠳᠡᠭᠦᠨ ᠳᠤ ᠦᠭ‍ᠭᠦᠯ᠎ᠡ ᠭᠡᠳᠡᠭ᠌ ᠢ ᠥᠴᠦᠭᠡᠨ ᠴᠤ ᠪᠣᠳᠤᠬᠤ ᠦᠭᠡᠶ ᠪᠠᠢ᠌ᠳᠠᠭ᠃ ᠡᠪ ᠬᠠᠮᠳᠤ ᠨᠠᠮ ᠤᠨ ᠭᠡᠰᠢᠭᠦᠨ ᠪᠣᠯᠤᠨ ᠣᠳᠤᠷᠢᠤᠠᠬᠤ ᠺᠠᠳ᠋ᠷ ᠪᠣᠯ ᠥᠷᠭᠡᠨ ᠣᠯᠠᠨ ᠠᠷᠠᠤᠨ ᠲᠦᠮᠡᠨ ᠤ ᠵᠠᠷᠤᠴᠠ ᠮᠦᠨ ᠭᠡᠳᠡᠭ᠌ ᠢ ᠳᠠᠳᠠ ᠣᠷᠤ ᠳᠠᠰᠤ ᠣᠮᠠᠷᠳᠠᠭᠠᠤᠨ ᠡᠷᠭᠡ ᠵᠡᠷᠭᠡ ᠲᠡᠶ ᠭᠦᠮᠦᠰ ᠪᠣᠯᠤᠨ ᠡᠭᠡᠯ ᠵᠢᠷ ᠤᠨ ᠠᠷᠠᠤᠨ ᠢᠷᠭᠡᠤᠨ ᠤᠨ ᠬᠤᠭᠤᠷᠤᠠᠳᠤ ᠡᠭᠡᠯ ᠵᠢᠷ ᠤᠨ ᠭᠢᠭᠡᠤᠨ ᠡᠷᠭᠢᠮ ᠳᠡᠭᠡᠳᠤ ᠶᠢᠨ ᠢᠯᠭᠠᠭ᠎ᠠ ᠪᠠᠢ᠌ᠨ᠎ᠠ ᠭᠡᠵᠤ ᠪᠣᠳᠤᠭᠠᠤᠨ ᠦᠪᠡᠷ ᠤᠨ ᠪᠠᠶ᠎ᠠ ᠪᠠᠨ ᠠᠷᠠᠤᠨ ᠲᠦᠮᠡᠨ ᠡᠴᠡ ᠳᠡᠭᠡᠭᠦᠷ ᠦᠵᠡᠵᠤ ᠪᠠᠷᠤᠭ ᠤᠨ ᠭᠦᠮᠤᠨ ᠢ ᠣᠯᠵᠤ ᠥᠵᠡᠭᠦ ᠦᠭᠡᠶ ᠰᠡᠩᠭᠡᠯᠵᠡᠨ ᠠᠭᠠᠰᠢᠯᠠᠳᠠᠭ ᠃ ᠳᠠᠳᠠ ᠭᠡᠳᠤᠨ ᠵᠢᠯ ᠣᠳᠤᠷᠢᠤᠠᠬᠤ ᠪᠠᠢ᠌ᠷᠢᠨ ᠳᠤ ᠶᠠᠪᠣᠬᠤ ᠳᠠᠭᠠᠨ ᠨᠠᠮ ᠪᠠ ᠠᠷᠠᠤᠨ ᠲᠦᠮᠡᠨ ᠳᠤ ᠳᠤᠰᠠ ᠲᠡᠶ ᠠᠵᠢᠯ ᠭᠢᠵᠤ ᠶᠠᠪᠣᠭᠰᠠᠨ ᠡᠰᠡᠭᠦ ᠂ ᠨᠡᠢ᠌ᠭᠡᠮ ᠨᠠᠢ᠌ᠳᠠ ᠳᠤ ᠨᠠᠮᠠᠷᠢ ᠬᠠᠠᠳᠢᠪ ᠲᠡᠶ ᠡᠰᠡᠭᠦ ᠂ ᠣᠢ᠌ᠯᠠᠰ ᠠᠵᠢᠯ ᠳᠠᠭᠠᠨ ᠠᠮᠵᠢᠯᠳᠠ ᠪᠦᠳᠦᠮᠵᠢ ᠭᠠᠷᠭᠠᠭᠰᠠᠨ ᠡᠰᠡᠭᠦ ᠪᠠᠨ ᠴᠤ ᠪᠣᠳᠤᠯᠭᠢᠯᠠᠬᠤ ᠦᠭᠡᠶ ᠪᠠᠷ ᠦᠪᠡᠷ ᠤᠨ ᠪᠠᠶ᠎ᠠ ᠪᠠᠨ ᠭᠦᠪᠴᠢᠨ ᠳᠡᠯᠡᠭᠡᠢ ᠶᠢ ᠳᠤᠩᠰᠤᠯᠭᠠᠮ᠎ᠠ ᠣᠢ᠌ᠯᠠᠰ ᠪᠦᠳᠦᠭᠡᠵᠤ ᠭᠦᠭᠡ ᠰᠤᠳᠤᠷ ᠪᠢᠴᠢᠭᠯᠡᠭ᠍ᠰᠡᠨ ᠰᠢᠭ᠌ ᠠᠭᠤᠤ ᠶᠡᠭᠡ ᠭᠡᠵᠤ ᠮᠠᠵᠤᠯᠠᠳᠠᠭ ᠃

ᠭᠦᠮᠤᠨ ᠤ ᠬᠤᠷᠸ᠎ᠠ ᠭᠡᠭ᠍ᠴᠢ ᠨᠢᠭᠡᠨ ᠭᠢᠵᠠᠭᠠᠷ ᠦᠭᠡᠶ ᠥᠷᠭᠡᠨ ᠠᠭᠤᠳᠠᠮ ᠳᠡᠯᠡᠭᠡᠢ ᠪᠢᠯᠠ ᠂ ᠡᠨᠡᠭᠦ ᠬᠤᠷᠸ᠎ᠠ ᠳᠤ ᠨᠢᠭᠡ ᠭᠦᠮᠤᠨ ᠵᠢᠵᠢᠭ᠌ ᠯᠠ ᠪᠠᠢ᠌ᠳᠠᠭ ᠃ ᠣᠬᠠᠭᠠᠨ ᠮᠡᠳᠡᠯᠭᠡ ᠶᠢᠨ ᠬᠠᠨᠠᠭᠠᠷ ᠠᠭᠤᠳᠠᠮ ᠳᠡᠯᠡᠭᠡᠢ ᠳᠤ ᠨᠢᠭᠡ ᠭᠦᠮᠤᠨ ᠤ ᠮᠡᠳᠡᠭ᠍ᠰᠡᠨ ᠴᠢᠳᠠᠭᠰᠠᠨ ᠨᠢ ᠦᠨᠡᠨ ᠳᠡᠭᠡᠨ ᠳᠤᠰᠤᠯ ᠣᠰᠤᠨ ᠤ ᠳᠠᠳᠤᠢ ᠯᠠ ᠪᠠᠢ᠌ᠳᠠᠭ ᠰᠠᠠᠵᠠᠢ ᠃ ᠨᠠᠩ ᠢᠯᠠᠩᠭ᠋ᠤᠶ᠎ᠠ ᠳᠡᠳᠡᠭᠡᠷ ᠪᠢ ᠯᠠ ᠠᠭᠤᠤ ᠶᠡᠭᠡ ᠭᠡᠵᠤ ᠪᠠᠶ᠎ᠠ ᠪᠠᠨ ᠯᠠ ᠳᠤᠭᠤᠳᠠᠭ ᠭᠦᠮᠤᠨ ᠤ ᠣᠢ᠌ᠯᠠᠭᠠᠵᠤ ᠮᠡᠳᠡᠭ᠍ᠰᠡᠨ ᠨᠢ ᠬᠠᠷᠢᠨ ᠳᠤᠰᠤᠯ ᠣᠰᠤ ᠴᠤ ᠭᠦᠷᠭᠦ ᠦᠭᠡᠶ ᠪᠠᠢ᠌ᠵᠤ ᠮᠠᠳᠠᠨ᠎ᠠ ᠃ 《ᠠᠭᠤᠯᠠ ᠶᠢᠨ ᠴᠠᠭᠠᠨ᠎ᠠ ᠠᠭᠤᠯᠠ ᠪᠠᠢ᠌ᠨ᠎ᠠ ᠣᠰᠤᠨ ᠤ ᠴᠠᠭᠠᠨ᠎ᠠ ᠣᠰᠤ ᠪᠠᠢ᠌ᠨ᠎ᠠ 》 ᠭᠡᠳᠡᠭ᠌ ᠢ ᠮᠡᠳᠡᠭ᠍ᠰᠡᠳ ᠯᠠ ᠰᠠᠶ‍ᠢ ᠭᠢᠷᠢ ᠴᠢᠳᠠᠯ ᠶᠢᠡᠨ ᠮᠠᠳᠠᠵᠤ ᠭᠦᠨ ᠭᠦᠢᠭᠡᠨ ᠢ ᠣᠢ᠌ᠯᠠᠭᠠᠭᠰᠠᠤᠨ ᠲᠤ ᠳᠤᠭᠠᠴᠠᠭᠳᠠᠳᠠᠭ ᠪᠢᠯᠠ ᠃

ᠡᠷᠭᠡ ᠵᠡᠷᠭᠡ ᠪᠠᠢ᠌ᠬᠤ ᠦᠭᠡᠶ ᠡᠩ ᠤᠨ ᠭᠦᠮᠤᠨ ᠳᠤ ᠮᠠᠰᠢ ᠣᠯᠠᠨ ᠡᠷᠭᠢᠮ ᠳᠡᠭᠡᠳᠤ ᠳᠠᠯ᠎ᠠ ᠪᠠᠢ᠌ᠵᠤ ᠡᠷᠭᠢᠮ ᠨᠠᠠᠳᠢᠨ ᠣᠢ᠌ᠯᠠᠰ ᠪᠦᠳᠦᠭᠡᠵᠤ ᠭᠦᠮᠦᠰ ᠤᠨ ᠡᠮᠦᠨ᠎ᠡ ᠥᠯᠢᠭᠡᠷ ᠳᠠᠭᠤᠷᠢᠶᠠᠯ ᠪᠣᠯᠵᠤ ᠮᠡᠳᠡᠭᠦ ᠶᠤᠮ ᠃ ᠡᠩ ᠤᠨ ᠨᠢᠭᠡᠨ ᠭᠦᠮᠤᠨ ᠳᠤ ᠮᠤᠬᠤᠰᠢ ᠦᠭᠡᠶ ᠬᠠᠳᠠᠭᠤ ᠰᠦᠰᠦ ᠵᠤᠷᠢᠭ ᠲᠡᠶ ᠪᠠᠢ᠌ᠵᠤ ᠭᠢᠵᠠᠭᠠᠷ ᠦᠭᠡᠶ ᠣᠷᠳᠤ ᠣᠳᠠᠭᠠᠨ ᠬᠤᠭᠤᠴᠠᠭᠠᠨ ᠤ ᠳᠠᠭᠠᠭᠠᠮᠠᠭᠠᠢ ᠂ ᠳᠠᠰᠪᠣᠷᠢ ᠬᠠᠳᠠᠭᠤᠵᠢᠯ ᠶᠢᠡᠷ ᠶᠢᠡᠨ ᠭᠦᠮᠦᠰ ᠤᠨ ᠡᠮᠦᠨ᠎ᠡ ᠭᠦᠰᠢᠶ᠎ᠡ ᠪᠣᠰᠬᠠᠵᠤ ᠴᠤ ᠮᠡᠳᠡᠭᠦ ᠶᠤᠮ ᠃

ᠳᠠᠢ᠌ᠨ ᠤ ᠦᠶ᠎ᠡ ᠳᠤ ᠳᠤᠮᠳᠠᠳᠤ ᠶᠢᠨ ᠣᠯᠤᠰ ᠦᠨᠳᠦᠰᠦᠳᠠᠨ ᠤ ᠴᠢᠯᠦᠭᠡᠯᠡᠯᠳᠡ ᠶᠢᠨ ᠠᠭᠤᠤ ᠶᠡᠭᠡ ᠣᠢ᠌ᠯᠠᠰ ᠤᠨ ᠳᠦᠯᠦᠭᠡ ᠦᠪᠡᠷ ᠤᠨ ᠠᠷᠢᠭᠤᠨ ᠴᠢᠰᠤ ᠪᠠᠨ ᠣᠷᠤᠰᠬᠠᠵᠤ ᠠᠯᠳᠠᠨ ᠠᠮᠢ ᠪᠠᠨ ᠥᠷᠡᠭ᠍ᠳᠡᠭᠦᠯᠵᠤ ᠶᠠᠪᠣᠭᠰᠠᠨ ᠡᠩ ᠤᠨ ᠪᠠᠢ᠌ᠯᠳᠤᠭᠴᠢ ᠴᠥᠭᠡᠨ ᠭᠡᠵᠤ ᠦᠦ︖ ᠳᠠᠳᠠᠨ ᠢ ᠪᠢᠳᠠ ᠡᠩ ᠤᠨ ᠭᠦᠮᠤᠨ ᠡᠭᠡᠯ ᠵᠢᠷ ᠤᠨ ᠠᠷᠠᠤᠨ ᠭᠡᠵᠤ ᠪᠢᠳᠡᠭᠡᠢ ᠪᠠᠰᠤᠭᠠᠷᠠᠢ ᠃ ᠳᠠᠳᠠ ᠳᠠᠢ᠌ᠰᠤᠨ ᠤ ᠶᠠᠩᠵᠤ ᠪᠦᠷᠢ ᠶᠢᠨ ᠰᠥᠷᠳᠡᠭᠦᠯᠦᠯ ᠳᠠᠮᠤᠯᠠᠯ ᠤᠨ ᠡᠮᠦᠨ᠎ᠡ ᠵᠢᠷᠦᠭᠡ ᠳᠦᠭ᠍ᠰᠢᠭᠦ ᠦᠭᠡᠶ ᠵᠢᠰᠤ ᠬᠤᠪᠢᠷᠠᠬᠤ ᠦᠭᠡᠶ ᠪᠠᠢ᠌ᠵᠤ ᠡᠷᠡᠯᠭᠡᠭ᠌ ᠪᠠᠭᠠᠳᠤᠷᠯᠢᠭ ᠰᠦᠰᠦ ᠵᠤᠷᠢᠭ ᠶᠢᠡᠷ ᠶᠢᠡᠨ ᠦᠪᠴᠢ ᠵᠡᠪᠰᠡᠭᠯᠡᠭ᠍ᠰᠡᠨ ᠳᠠᠢ᠌ᠰᠤᠨ ᠤ ᠵᠢᠷᠦᠭᠡ ᠶᠢ ᠴᠡᠴᠡᠷᠡᠭᠦᠯᠵᠤ ᠰᠦᠰᠦ ᠶᠢ ᠨᠢ ᠭᠡᠮᠭᠡᠯᠡᠵᠤ ᠪᠠᠢ᠌ᠪᠠ ᠃ ᠳᠠᠳᠠᠨ ᠤ ᠪᠦᠳᠦᠭᠡᠭ᠍ᠰᠡᠨ ᠣᠢ᠌ᠯᠠᠰ ᠳᠤᠮᠳᠠᠳᠤ ᠶᠢᠨ ᠬᠤᠪᠢᠰᠬᠠᠯ ᠤᠨ ᠳᠡᠦᠭᠡᠨ ᠳᠤ ᠦᠨᠢᠳᠠ ᠨᠤᠷᠠᠰᠢ ᠦᠭᠡᠶ ᠪᠠᠳᠤ ᠰᠥᠷᠯᠢᠭ᠌ ᠭᠦᠰᠢᠶ᠎ᠡ ᠪᠣᠯᠤᠨ ᠰᠦᠨᠳᠠᠷᠯᠠᠵᠤ ᠪᠠᠢ᠌ᠨ᠎ᠠ ᠃

ᠡᠩᠭᠡ ᠳᠠᠢ᠌ᠪᠣᠩ ᠪᠣᠯᠤᠭᠰᠠᠨ ᠦᠨᠦᠳᠤᠷ ᠴᠤ ᠠᠬᠠᠮᠠᠤᠨ ᠭᠦᠮᠤᠨ ᠤ ᠪᠦᠳᠦᠭᠡᠭ᠍ᠰᠡᠨ ᠡᠷᠭᠢᠮ ᠳᠡᠭᠡᠳᠤ ᠣᠢ᠌ᠯᠠ ᠠᠵᠢᠯᠯᠠᠭ᠎ᠠ ᠶᠢ ᠪᠢᠳᠠ ᠳᠤᠭ᠎ᠠ ᠦᠭᠡᠶ ᠣᠯᠠᠨ ᠣᠯᠵᠤ ᠦᠵᠡᠵᠤ ᠰᠤᠨᠤᠰᠴᠤ ᠪᠠᠢ᠌ᠳᠠᠭ ᠃ ᠡᠩ ᠤᠨ ᠨᠢᠭᠡᠨ ᠰᠤᠷᠤᠭᠴᠢ ᠳᠤ ᠭᠦᠷᠳᠡᠯ᠎ᠡ ᠣᠰᠤᠨ ᠳᠤ ᠣᠨᠠᠭᠰᠠᠨ ᠭᠦᠮᠤᠨ ᠢ ᠠᠪᠣᠷᠠᠬᠤ ᠶᠢᠨ ᠳᠦᠯᠦᠭᠡ ᠣᠷᠢ ᠵᠠᠯᠠᠭᠤ ᠠᠮᠢ ᠨᠠᠰᠤ ᠪᠠᠨ ᠥᠷᠡᠭ᠍ᠳᠡᠭᠦᠯᠦᠭ᠍ᠰᠡᠨ ᠶᠠᠪᠣᠳᠠᠯ ᠪᠣᠯ ᠥᠯᠢᠭᠡᠷ ᠪᠢᠰᠢ ᠦᠨᠡᠨ ᠃ ᠠᠷᠠᠤᠨ ᠲᠦᠮᠡᠨ ᠤ ᠠᠰᠢᠭ ᠳᠤᠰᠠ ᠶᠢᠨ ᠳᠦᠯᠦᠭᠡ ᠠᠮᠢ ᠪᠠᠶ᠎ᠠ ᠪᠠᠨ ᠴᠥᠯᠡᠭ᠍ᠰᠡᠨ ᠶᠠᠪᠣᠳᠠᠯ ᠶᠠᠭᠠᠭᠢᠨ ᠨᠢᠭᠡ ᠬᠤᠶᠠᠷᠬᠠᠨ ᠶᠢᠡᠷ ᠵᠤᠭᠰᠤᠬᠤ ᠠᠵᠠᠢ ᠃ ᠳᠤᠭ᠎ᠠ ᠳᠤᠮᠰᠢ ᠦᠭᠡᠶ ᠣᠯᠠᠨ ᠡᠭᠡᠯ ᠵᠢᠷ ᠤᠨ ᠭᠦᠮᠦᠰ ᠤᠨ ᠵᠢᠷ ᠤᠨ ᠪᠣᠰᠤ ᠣᠢ᠌ᠯᠠ ᠠᠵᠢᠯᠯᠠᠭ᠎ᠠ ᠦᠨᠦᠳᠤᠷ ᠤᠨ ᠭᠦᠮᠤᠨ ᠤ ᠠᠮᠢᠳᠤᠷᠠᠯ ᠤᠨ ᠪᠣᠯᠪᠠᠰᠤᠨ ᠤ ᠴᠡᠴᠡᠭ᠌ ᠪᠣᠯᠤᠨ ᠭᠠᠵᠠᠷ ᠰᠠᠢ ᠦᠭᠡᠶ ᠳᠡᠯᠭᠡᠷᠡᠭᠦ ᠪᠠᠷ ᠭᠦᠮᠤᠨ ᠤ ᠨᠡᠢ᠌ᠭᠡᠮ ᠰᠠᠶ‍ᠢ ᠯᠠ ᠵᠢᠷᠭᠠᠯ ᠤᠨ ᠣᠷᠳᠤᠨ ᠪᠣᠯᠳᠠᠭ ᠣᠴᠢᠷᠳᠠᠢ ᠰᠠᠨ ᠃

ᠡᠩ ᠤᠨ ᠨᠢᠭᠡᠨ ᠭᠡᠷ ᠪᠦᠯᠢ ᠶᠢᠨ ᠪᠦᠰᠡᠭᠦᠢ ᠪᠠᠷ ᠠᠪᠴᠤ ᠭᠡᠯᠡᠶ᠎ᠡ ᠂ ᠳᠠᠷᠠ ᠳᠢᠪ ᠳᠡᠯᠡᠭᠡᠢ ᠶᠢ ᠳᠤᠩᠰᠤᠯᠭᠠᠬᠤ ᠶᠡᠭᠡ ᠣᠢ᠌ᠯᠠᠰ ᠪᠦᠳᠦᠭᠡᠵᠤ ᠳᠡᠢ᠌ᠯᠭᠦ ᠦᠭᠡᠶ ᠪᠠᠢ᠌ᠵᠤ ᠮᠠᠳᠠᠨ᠎ᠠ ᠃ ᠭᠡᠶ᠎ᠡ ᠂ ᠳᠠᠷᠠ ᠭᠡᠷ ᠪᠦᠯᠢ ᠶᠢᠨ ᠶᠢᠡᠨ ᠠᠵᠤ ᠠᠮᠢᠳᠤᠷᠠᠯ ᠤᠨ ᠳᠦᠯᠦᠭᠡ ᠭᠢᠷᠢ ᠴᠢᠳᠠᠯ ᠡᠴᠡ ᠪᠠᠨ ᠬᠤᠯᠠ ᠭᠡᠳᠦᠷᠡᠭ᠍ᠰᠡᠨ ᠭᠦᠡᠳᠤ ᠭᠡᠴᠡᠭᠦᠤ ᠠᠮᠢᠳᠤᠷᠠᠯ ᠤᠨ ᠳᠠᠷᠤᠭᠠᠰᠤ ᠶᠢ ᠡᠭᠦᠷᠭᠡᠯᠡᠨ ᠂ ᠨᠠᠰᠤᠳᠠᠨ ᠶᠢᠡᠨ ᠰᠤᠪᠢᠯᠠᠵᠤ ᠂ ᠦᠷ᠎ᠡ ᠭᠡᠦᠭᠡᠤᠨ ᠶᠢᠡᠨ ᠰᠤᠶᠤᠯ ᠡᠷᠳᠡᠮ ᠲᠡᠶ᠂ ᠰᠤᠷᠳᠠᠯ ᠪᠣᠯᠪᠠᠰᠤᠷᠠᠯ ᠲᠡᠶ᠂ ᠣᠯᠤᠰ ᠨᠠᠢ᠌ᠳᠠ ᠳᠤ ᠰᠤᠳᠤᠨ ᠭᠦᠮᠤᠨ ᠪᠣᠯᠭᠠᠵᠤ ᠭᠦᠮᠦᠵᠢᠭᠦᠯᠭᠦ ᠶᠢᠨ ᠳᠦᠯᠦᠭᠡ ᠳᠡᠩᠭᠡᠭᠡ ᠳᠠᠮᠢᠷ ᠶᠢᠡᠨ ᠰᠢᠪᠬᠠᠵᠤ ᠥᠷᠯᠦᠭᠡ ᠦᠳᠡᠰᠢ ᠶᠢ ᠳᠠᠮᠠᠴᠠᠨ ᠭᠦᠯᠦᠰᠤ ᠪᠠᠨ ᠭᠦᠷᠦᠰᠤᠨ ᠳᠤ ᠳᠤᠰᠤᠯᠭᠠᠵᠤ ᠭᠦᠰᠡᠯ ᠶᠢᠡᠨ ᠭᠡᠦᠭᠡᠤᠨ ᠲᠡᠭᠡᠨ ᠳᠠᠯᠪᠢᠭᠠᠤᠨ ᠦᠪᠡᠷ ᠤᠨ ᠪᠠᠶ᠎ᠠ ᠪᠠᠨ ᠮᠠᠷᠳᠠᠵᠤ ᠶᠠᠪᠣᠭᠰᠠᠨ ᠃ ᠳᠠᠷᠠ ᠳᠠᠯᠠᠢ ᠶᠢᠨ ᠣᠰᠤ ᠰᠢᠭ ᠳᠠᠪᠠᠯᠭᠠᠨ ᠪᠣᠰᠬᠠᠵᠤ ᠱᠤᠤᠭᠢᠶᠠᠨ ᠳᠠᠳᠠᠳᠠᠭ ᠦᠭᠡᠶ᠂ ᠬᠠᠷᠢᠨ ᠳᠠᠯ᠎ᠠ ᠨᠤᠳᠤᠭ ᠤᠨ ᠪᠢᠴᠢᠬᠠᠨ ᠭᠤᠷᠤᠬ᠎ᠠ ᠰᠢᠭ ᠰᠠᠪ ᠰᠡᠮᠡᠭᠡᠷ ᠣᠠᠳᠤᠷᠤᠨ ᠣᠷᠤᠰᠴᠤ ᠲᠦᠮᠡᠨ ᠪᠣᠳᠠᠰ ᠢ ᠳᠡᠵᠢᠭᠡᠨ ᠣᠮᠳᠠᠯᠠᠵᠤ ᠡᠭᠡ ᠣᠷᠤᠨ ᠤ ᠰᠢᠨ᠎ᠠ ᠨᠢᠭᠡ ᠦᠶ᠎ᠡ ᠶᠢᠨ ᠰᠢᠯᠢᠳᠡᠭ᠌ ᠭᠦᠮᠦᠰ ᠢ ᠭᠦᠮᠦᠵᠢᠭᠦᠯᠵᠤ ᠪᠠᠢ᠌ᠳᠠᠭ ᠶᠤᠮᠰᠠᠨ ᠃ ᠳᠡᠭᠦᠨ ᠤ ᠭᠢᠵᠤ ᠪᠦᠳᠦᠭᠡᠭ᠍ᠰᠡᠨ ᠨᠢ ᠭᠦᠮᠦᠰ ᠤᠨ ᠨᠢᠳᠤᠨ᠎ᠠ ᠥᠵᠡᠭ᠍ᠳᠡᠭᠦ ᠦᠭᠡᠶ ᠭᠦᠮᠦᠰ ᠤᠨ ᠰᠠᠤᠠᠭᠢᠯ ᠳᠤ ᠠᠭᠤᠤ ᠶᠡᠭᠡ ᠭᠡᠵᠤ ᠪᠣᠳᠤᠭᠳᠠᠬᠤ ᠦᠭᠡᠶ ᠪᠠᠢ᠌ᠵᠤ ᠮᠠᠳᠠᠨ᠎ᠠ ᠃ ᠭᠡᠪᠠᠴᠤ ᠳᠡᠭᠦᠨ ᠢ ᠭᠦᠮᠤᠨ ᠤ ᠭᠦᠵᠦᠭᠦᠨ ᠳᠡᠭᠡᠷ᠎ᠡ ᠵᠠᠢ᠌ᠳᠠᠯᠠᠵᠤ ᠭᠦᠳᠡᠯᠮᠦᠷᠢᠴᠢᠨ ᠲᠦᠮᠡᠨ ᠤ ᠭᠦᠯᠦᠰᠤ ᠴᠢᠰᠤ ᠶᠢ ᠰᠤᠷᠤᠵᠤ ᠂ ᠡᠷᠭᠡ ᠳᠤᠰᠢᠶᠠᠯ ᠂ ᠡᠷᠭᠢᠮ ᠨᠠᠷ᠎ᠠ ᠂ ᠡᠳ᠋ ᠠᠰᠢᠭ ᠵᠡᠷᠭᠡ ᠶᠢ ᠯᠠ ᠭᠦᠭᠡᠭᠡᠴᠡᠯᠳᠦᠭᠦ ᠶᠢ ᠯᠠ ᠮᠡᠳᠡᠳᠡᠭ᠌ ᠭᠦᠮᠦᠰ ᠲᠡᠶ ᠠᠳᠠᠯᠢᠤᠠᠬᠠᠪᠠᠯ ᠂ ᠳᠡᠭᠦᠨ ᠤ ᠭᠦᠰᠡᠯ ᠭᠦᠭᠡᠭᠡᠴᠡᠯᠳᠦᠯ ᠂ ᠭᠦᠮᠦᠡᠴᠢ ᠴᠢᠨᠠᠷ ᠂ ᠭᠢᠳᠠᠯ ᠶᠠᠪᠣᠳᠠᠯ ᠵᠡᠷᠭᠡ ᠠᠯᠢ ᠳᠠᠯ᠎ᠠ ᠪᠠᠷ ᠶᠢᠡᠨ ᠴᠤ ᠳᠠᠳᠠᠨ ᠡᠴᠡ ᠳᠠᠪᠠᠳᠠᠭ ᠪᠢᠯᠠ ᠃ ᠡᠨᠡ ᠪᠣᠯ ᠳᠠᠷᠤᠢ ᠡᠭᠡᠯ ᠵᠢᠷ ᠤᠨ ᠭᠦᠮᠤᠨ ᠤ ᠡᠷᠭᠢᠮ ᠳᠡᠭᠡᠳᠤ ᠳᠠᠯ᠎ᠠ ᠪᠣᠯᠤᠨ᠎ᠠ ᠃

《 ᠳᠠᠷᠢᠶᠠᠴᠢᠨ ᠠᠪᠣ ᠶᠢᠨ ᠭᠦᠴᠤ》 ᠭᠡᠳᠡᠭ᠌ ᠥᠯᠢᠭᠡᠷ ᠲᠤ᠂ ᠡᠩ ᠤᠨ ᠨᠢᠭᠡᠨ ᠳᠠᠷᠢᠶᠠᠴᠢᠨ ᠠᠪᠣ ᠡᠷᠦᠭᠡ ᠭᠡᠷ ᠤᠨ ᠶᠢᠡᠨ ᠦᠨ᠎ᠡ ᠭᠦᠷᠦᠮᠡᠷ ᠡᠳ᠋ ᠬᠤᠭᠰᠢᠯ ᠢ ᠪᠦᠭᠦᠨ ᠢ ᠬᠤᠳᠠᠯᠳᠤᠵᠤ ᠪᠠᠢ᠌ᠭᠠᠤᠨ ᠭᠦᠤ ᠪᠠᠨ ᠠᠨᠠᠭᠠᠬᠤ ᠣᠬᠠᠭᠠᠨ ᠤ ᠳᠤᠰᠬᠠᠢ ᠮᠡᠷᠭᠡᠵᠢᠯ ᠰᠤᠷᠭᠠᠵᠠᠢ ᠃ ᠭᠦᠤ ᠨᠢ ᠰᠤᠷᠭᠠᠭᠤᠯᠢ ᠪᠠᠨ ᠳᠡᠭᠦᠰᠦᠭᠡᠤᠨ ᠰᠤᠮᠤ ᠶᠢᠨ ᠡᠷᠡᠭᠦᠯ ᠬᠠᠮᠠᠭᠠᠯᠠᠭᠴᠢ ᠪᠣᠯᠤᠭᠰᠠᠨ ᠳᠤ᠂ ᠨᠠᠰᠤᠨ ᠳᠤᠷᠰᠢ ᠬᠠᠷ᠎ᠠ ᠰᠢᠷᠤᠢ ᠲᠡᠶ ᠨᠤᠴᠤᠯᠳᠤᠭᠰᠠᠭᠠᠷ ᠬᠠᠰᠢᠷᠠᠭᠰᠠᠨ ᠠᠪᠣ ᠨᠢ ᠭᠦᠤ ᠳᠡᠭᠡᠨ ᠳᠠᠩᠴᠤ ᠶᠡᠭᠡ ᠭᠦᠰᠡᠯ ᠡᠪᠦᠷᠯᠡᠵᠤ ᠂ ᠭᠦᠤ ᠪᠠᠨ ᠳᠠᠭᠠᠭᠤᠯᠤᠨ ᠵᠠᠭᠤ ᠭᠠᠷᠤᠢ ᠭᠠᠵᠠᠷ ᠤᠨ ᠵᠠᠮ ᠭᠦᠭᠡᠭᠡᠵᠤ ᠂ ᠬᠤᠳᠠ ᠣᠷᠤᠵᠤ ᠨᠢᠭᠡᠨ ᠪᠠᠭ᠎ᠠ ᠡᠮᠨᠡᠯᠭᠡ ᠶᠢᠨ ᠬᠤᠷᠢᠶᠠᠨ ᠳᠤ ᠭᠦᠷᠴᠤ ᠂ ᠡᠮᠴᠢ ᠪᠣᠯᠭᠠᠬᠤ ᠪᠠᠷ ᠭᠤᠶᠤᠭᠰᠠᠨ ᠳᠤ᠂ ᠳᠡᠭᠦᠨ ᠢ ᠰᠢᠯᠭᠠᠨ ᠥᠵᠡᠭᠦ ᠪᠠᠷ ᠪᠣᠯᠤᠭᠰᠠᠨ ᠭᠡᠨ᠎ᠡ ᠃ ᠳᠠᠮᠠᠢ ᠣᠳᠠᠭᠰᠠᠨ ᠦᠭᠡᠶ ᠭᠦᠤ ᠨᠢ ᠳᠠᠰᠤᠷᠠᠭᠰᠠᠨ ᠭᠡᠳᠡᠰᠤ ᠶᠢ ᠵᠠᠯᠭᠠᠬᠤ ᠮᠠᠰᠠ ᠵᠠᠰᠠᠯ ᠢ ᠳᠤᠩ ᠠᠮᠵᠢᠯᠳᠠ ᠲᠡᠶ ᠭᠢᠵᠠᠢ ᠃ ᠬᠠᠵᠠᠭᠤ ᠡᠴᠡ ᠨᠢ ᠦᠵᠡᠵᠤ ᠪᠠᠢ᠌ᠭᠰᠠᠨ ᠬᠠᠯᠠᠭᠤᠨ ᠰᠠᠤᠠᠭᠢᠯ ᠲᠡᠶ ᠭᠦᠮᠦᠰ ᠡᠴᠢᠭᠡ ᠭᠦᠤ ᠬᠤᠶᠠᠷ ᠢ ᠴᠠᠭ ᠲᠤᠬᠢᠶᠠᠯ ᠢ ᠵᠠᠪᠳᠤᠨ ᠡᠮᠨᠡᠯᠭᠡ ᠶᠢᠨ ᠬᠤᠷᠢᠶᠠᠨ ᠤ ᠳᠠᠷᠤᠭ᠎ᠠ ᠳᠤ ᠪᠠᠯᠡᠭ᠌ ᠭᠦᠷᠭᠡ ᠭᠡᠵᠡᠢ ᠃ ᠳᠠᠷᠢᠶᠠᠴᠢᠨ ᠠᠪᠣ ᠳᠠᠷᠠ ᠳᠠᠷᠤᠢ ᠨᠢᠭᠡ ᠪᠣᠳᠤᠩ ᠦᠪᠡᠷ ᠶᠢᠡᠨ ᠰᠢᠷᠭᠠᠭᠠᠭᠰᠠᠨ ᠮᠠᠭᠠᠵᠢ ᠶᠢᠨ ᠳᠤᠰᠤ ᠪᠠᠨ ᠭᠦᠷᠭᠡᠵᠤ ᠭᠡᠨ᠎ᠡ ᠃ ᠳᠠᠢ᠌ᠮᠤ ᠡ ᠂ ᠳᠡᠭᠦᠨ ᠳᠤ ᠡᠭᠦᠨ ᠡᠴᠡ ᠥᠭᠡᠷ᠎ᠡ ᠦᠨ᠎ᠡ ᠭᠦᠷᠦᠮᠡᠷ ᠶᠠᠭᠤᠮ᠎ᠠ ᠦᠭᠡᠶ ᠶᠤᠮ ᠴᠢᠨᠢ ᠃

ᠳᠡᠷᠡᠭᠦ ᠡᠮᠨᠡᠯᠭᠡ ᠶᠢᠨ ᠬᠤᠷᠢᠶᠠᠨ ᠤ ᠣᠳᠤᠷᠢᠳᠤᠯᠭ᠎ᠠ 《ᠭᠦᠪᠠᠭᠦᠨ ᠴᠢᠨᠢ ᠭᠡᠷᠪᠡ ᠬᠤᠭᠤᠷᠠᠵᠤ ᠳᠠᠰᠤᠷᠠᠭᠰᠠᠨ ᠢ ᠵᠠᠯᠭᠠᠵᠤ ᠣᠷᠭᠤᠭᠤᠯᠬᠤ ᠮᠠᠰᠠ ᠵᠠᠰᠠᠯ ᠢ ᠰᠠᠢ᠌ᠨ ᠭᠢᠵᠤ ᠴᠢᠳᠠᠪᠠᠯ ᠪᠢ ᠬᠤᠷᠢᠶᠠᠨ ᠳᠠᠭᠠᠨ ᠠᠪᠣᠨ᠎ᠠ 》 ᠭᠡᠵᠡᠢ ᠃ ᠠᠰᠪᠣᠷᠢ ᠴᠠᠢ᠌ᠯᠭᠠᠨ ᠳᠠᠷᠢᠶᠠᠴᠢᠨ ᠠᠪᠣ ᠥᠭᠡᠨ ᠤ ᠳᠤᠳᠤᠷ᠎ᠠ ᠥᠭᠡ ᠪᠠᠢ᠌ᠬᠤ ᠶᠢ ᠣᠯᠵᠤ ᠣᠬᠠᠭᠰᠠᠨ ᠦᠭᠡᠶ᠃ ᠬᠠᠷᠢᠨ ᠡᠨᠡ ᠪᠠᠭ᠎ᠠ ᠡᠮᠨᠡᠯᠭᠡ ᠶᠢᠨ ᠬᠤᠷᠢᠶᠠᠨ ᠳᠤ ᠶᠠᠮᠠᠷ ᠭᠦᠮᠤᠨ ᠢᠷᠠᠵᠤ ᠬᠤᠭᠤᠷᠠᠵᠤ ᠳᠠᠰᠤᠷᠠᠭᠰᠠᠨ ᠶᠢᠡᠨ ᠵᠠᠯᠭᠠᠬᠤ ᠮᠠᠰᠠ ᠵᠠᠰᠠᠯ ᠭᠢᠯᠭᠡᠳᠡᠭ᠌ ᠪᠣᠯ ︖ ᠥᠨᠡᠭᠡᠷ ᠳᠠᠢ᠌ᠮᠤ ᠮᠠᠰᠠ ᠵᠠᠰᠠᠯ ᠪᠠᠢ᠌ᠯ᠎ᠠ ᠴᠤ ᠭᠡᠰᠡᠨ ᠭᠦᠪᠠᠭᠦᠨ ᠳ᠋ᠤᠨᠢ ᠭᠦᠷᠳᠡᠭᠦ ᠪᠠᠷ ᠦᠭᠡᠶ ᠳᠤᠯᠠ ᠭᠡᠴᠢᠨᠡᠨ ᠡᠳᠦᠷ ᠭᠦᠯᠢᠶᠡᠭᠦ ᠶᠢ ᠪᠣᠤ ᠮᠠᠳᠠ ᠭᠡᠵᠤ ᠪᠣᠳᠤᠭᠠᠤᠨ ᠪᠠᠴᠢᠮᠳᠠᠯ᠎ᠠ ᠃

ᠭᠦᠪᠠᠭᠦᠨ ᠤ ᠪᠠᠨ ᠢᠷᠡᠭᠡᠳᠦᠢ ᠶᠢᠨ ᠳᠦᠯᠦᠭᠡ ᠂ ᠲᠦᠷᠦᠯᠭᠢ ᠣᠯᠳᠤᠢ ᠳᠠᠷᠢᠶᠠᠴᠢᠨ ᠠᠪᠣ ᠶᠢᠨ ᠰᠠᠤᠠᠭᠢᠯ ᠳᠤ ᠭᠡᠨᠡᠳᠳᠡ ᠬᠠᠴᠢᠨ ᠪᠣᠳᠤᠯ ᠣᠷᠤᠵᠤ ᠂ ᠦᠵᠡᠵᠤ ᠬᠠᠷᠠᠬᠤ ᠶᠢᠨ ᠵᠠᠪ ᠴᠤ ᠦᠭᠡᠶ ᠦᠪᠡᠷ ᠤᠨ ᠨᠢᠭᠡ ᠬᠤᠷᠤᠭᠤ ᠪᠠᠨ ᠴᠠᠪᠴᠢᠨ ᠠᠪᠴᠤ ᠮᠠᠰᠠ ᠵᠠᠰᠠᠯ ᠤᠨ ᠳᠠᠢ᠌ᠰᠠᠨ ᠳᠡᠭᠡᠷ᠎ᠡ ᠭᠦᠪᠠᠭᠦᠨ ᠤ ᠪᠠᠨ ᠨᠠᠷ᠎ᠠ ᠶᠢ ᠵᠢᠭᠠᠨ ᠮᠠᠰᠠ ᠵᠠᠰᠠᠯ ᠭᠢᠯᠭᠡᠪᠡ ᠃

ᠭᠡᠳᠤᠨ ᠡᠳᠦᠷ ᠤᠨ ᠳᠠᠷᠠᠭ᠎ᠠ ᠣᠳᠠᠰᠤ ᠶᠢ ᠳᠡᠭᠦᠪᠡ ᠃ ᠣᠭ ᠤᠨ ᠭᠠᠷ ᠲᠡᠶ ᠪᠠᠨ ᠠᠪ ᠠᠳᠠᠯᠢ ᠭᠦᠳᠡᠯᠵᠤ ᠳᠡᠢ᠌ᠯᠭᠦ ᠬᠤᠷᠤᠭᠤ ᠪᠠᠨ ᠥᠵᠡᠭᠡᠤᠨ ᠳᠠᠷᠢᠶᠠᠴᠢᠨ ᠠᠪᠣ ᠢᠨᠢᠶᠠᠯ᠎ᠠ ᠃ ᠭᠦᠪᠠᠭᠦᠨ ᠨᠢ ᠣᠭᠢᠯᠠᠴᠢᠬᠠᠯ᠎ᠠ ᠃ ᠡᠮᠨᠡᠯᠭᠡ ᠶᠢᠨ ᠬᠤᠷᠢᠶᠠᠨ ᠤ ᠣᠳᠤᠷᠢᠳᠤᠯᠭ᠎ᠠ ᠭᠡᠯᠡᠭᠦ ᠥᠭᠡ ᠦᠭᠡᠶ ᠪᠣᠯᠤᠭᠰᠠᠨ ᠭᠡᠨ᠎ᠡ ᠃

ᠳᠠᠢ᠌ᠮᠤ ᠡ ᠂ ᠨᠤᠶᠠᠨ ᠪᠣᠯᠤᠭᠰᠠᠨ ᠡᠴᠢᠭᠡ ᠪᠣᠯ ᠦᠪᠡᠷ ᠤᠨ ᠭᠦᠤ ᠪᠠᠨ ᠡᠷᠭᠡ ᠰᠦᠷ ᠶᠢᠡᠷ ᠶᠢᠡᠨ ᠭᠦᠪᠠᠭᠦᠨ ᠤ ᠪᠠᠨ ᠢᠷᠡᠭᠡᠳᠦᠢ ᠶᠢᠨ ᠵᠠᠮ ᠢ ᠨᠡᠭᠡᠭᠡᠵᠤ ᠦᠭ‍ᠭᠦᠨ᠎ᠡ ᠃ ᠬᠤᠳᠠᠯᠳᠤᠭᠠᠴᠢᠨ ᠡᠴᠢᠭᠡ ᠪᠣᠯᠤᠭᠰᠠᠨ ᠪᠣᠯ ᠵᠤᠭᠤᠰ ᠮᠥᠩᠭᠦ ᠪᠠᠷ ᠶᠢᠡᠨ ᠭᠦᠪᠠᠭᠦᠨ ᠤ ᠪᠠᠨ ᠢᠷᠡᠭᠡᠳᠦᠢ ᠶᠢᠨ ᠵᠠᠮ ᠢ ᠳᠠᠪᠢᠰᠴᠤ ᠪᠣᠯᠤᠨ᠎ᠠ᠃ ᠭᠡᠳᠡᠯ᠎ᠡ ᠬᠤᠶᠠᠷ ᠭᠠᠷ ᠬᠤᠪ ᠬᠤᠭᠤᠰᠤᠨ ᠳᠠᠷᠢᠶᠠᠴᠢᠨ ᠠᠪᠣ ᠭᠦᠪᠠᠭᠦᠨ ᠤ ᠪᠠᠨ ᠢᠷᠡᠭᠡᠳᠦᠢ ᠶᠢᠨ ᠵᠠᠮ ᠢ ᠶᠠᠭᠠᠭᠢᠵᠤ ᠨᠡᠭᠡᠭᠡᠭᠦ ᠪᠢᠯᠠ︖ ᠭᠡᠪᠠᠴᠤ ᠳᠡᠭᠦᠨ ᠤ ᠭᠦᠴᠤ ᠮᠠᠰᠢ ᠭᠠᠢ᠌ᠬᠠᠯᠳᠠᠢ ᠂ ᠳᠡᠭᠦᠨ ᠤ ᠪᠣᠳᠤᠵᠤ ᠭᠠᠷᠭᠠᠭᠰᠠᠨ ᠠᠷᠭ᠎ᠠ ᠶᠢ ᠭᠦᠮᠦᠰ ᠳᠠᠭᠤᠷᠢᠶᠠᠬᠤ ᠶᠢ ᠪᠠᠢ᠌ᠳᠤᠭᠠᠢ ᠥᠵᠡᠭᠡᠤᠨ ᠴᠤ ᠠᠢ᠌ᠳᠠᠰ ᠭᠦᠷᠦᠨ᠎ᠡ ᠃

ᠡᠭᠡᠯ ᠵᠢᠷ ᠤᠨ ᠳᠠᠷᠢᠶᠠᠴᠢᠨ ᠠᠷᠠᠤᠨ ᠭᠡᠭ᠍ᠴᠢ ᠦᠪᠡᠷ ᠤᠨ ᠭᠦᠴᠤ ᠪᠣᠯᠤᠨ ᠰᠢᠷᠭᠠᠭᠤ ᠭᠦᠳᠡᠯᠮᠦᠷᠢ ᠪᠠᠷ ᠶᠢᠡᠨ᠂ ᠰᠢᠠᠳᠠᠷᠠᠰᠢ ᠦᠭᠡᠶ ᠶᠡᠭᠡ ᠰᠦᠰᠦ ᠵᠤᠷᠢᠭ ᠶᠢᠡᠷ ᠶᠢᠡᠨ ᠠᠮᠢᠳᠤᠷᠠᠯ ᠶᠢᠡᠨ ᠳᠤᠯᠭᠠᠭᠤᠷᠢᠯᠠᠵᠤ ᠶᠠᠪᠣᠳᠠᠭ ᠃ ᠭᠦᠮᠦᠰ ᠳᠠᠳᠠᠨ ᠤ ᠪᠠᠶ᠎ᠠ ᠳᠡᠭᠡᠷᠡᠭᠢ ᠭᠡᠮᠵᠢᠶᠡᠯᠡᠰᠢ ᠦᠭᠡᠶ ᠶᠡᠭᠡ ᠵᠤᠷᠢᠭ ᠭᠦᠴᠤ ᠪᠣᠯᠤᠨ ᠠᠰᠪᠣᠷᠢ ᠰᠢᠭᠤᠷᠬᠠᠢ ᠵᠠᠩ ᠠᠭᠠᠰᠢ ᠂ ᠣᠶᠤᠨ ᠰᠠᠨᠠᠭᠠᠨ ᠤ ᠭᠢᠨᠢ ᠡᠳ᠋ ᠪᠠᠶᠠᠯᠢᠭ ᠢ ᠬᠠᠷᠠᠭᠠᠤᠨ ᠪᠢᠰᠢᠷᠡᠭᠦ ᠦᠭᠡᠢ ᠪᠠᠢ᠌ᠬᠤ ᠶᠢᠨ ᠠᠷᠭ᠎ᠠ ᠦᠭᠡᠶ ᠪᠢᠯᠠ᠃ ᠡᠢ᠌ᠡᠭᠦ ᠡᠭᠡᠯ ᠵᠢᠷ ᠤᠨ ᠭᠦᠮᠦᠰ ᠤᠨ ᠪᠠᠶ᠎ᠠ ᠳᠡᠭᠡᠷ᠎ᠡ ᠡᠴᠡ ᠯᠠ ᠰᠠᠶ‍ᠢ ᠭᠦᠮᠤᠨ ᠤ ᠠᠮᠢᠳᠤᠷᠠᠯ ᠤᠨ ᠪᠠᠷᠭᠡ ᠬᠠᠳᠠᠭᠤᠵᠢᠯ ᠂ ᠦᠨ᠎ᠡ ᠴᠠᠨ᠎ᠠ ᠂ ᠣᠤᠠᠬ᠎ᠠ ᠠᠭᠤᠯᠭ᠎ᠠ ᠶᠢ ᠳᠤᠳᠤᠬᠠᠨ ᠣᠯᠵᠤ ᠬᠠᠷᠠᠳᠠᠭ ᠪᠢᠯᠠ ᠃

《ᠪᠢ ᠦᠭᠡᠶ ᠪᠣᠯ ᠨᠠᠷᠠᠨ ᠰᠠᠷᠠᠨ ᠴᠤ ᠡᠭᠡᠯᠵᠢᠯᠡᠭᠦ ᠪᠠᠨ ᠪᠣᠯᠢᠨ᠎ᠠ》 ᠭᠡᠵᠤ ᠦᠪᠡᠷ ᠤᠨ ᠪᠠᠶ᠎ᠠ ᠪᠠᠨ ᠪᠦᠮᠪᠦᠷᠴᠡᠭ᠌ ᠤᠨ ᠳᠡᠩᠭᠡᠯᠢᠭ᠌ ᠪᠣᠯᠭᠠᠵᠤ ᠂ ᠡᠷᠭᠡ ᠵᠡᠷᠭᠡ ᠪᠠᠷ ᠶᠢᠡᠨ ᠬᠤᠪᠢ ᠶᠢᠨ ᠦᠮᠴᠢ ᠪᠣᠶᠤ ᠵᠠᠰᠠᠯ ᠴᠢᠮᠡᠭ᠌ ᠪᠣᠯᠭᠠᠳᠠᠭ ᠭᠦᠮᠦᠰ ᠤᠨ ᠪᠠᠶ᠎ᠠ ᠳᠡᠭᠡᠷ᠎ᠡ ᠬᠠᠮᠢᠭ᠎ᠠ ᠨᠢ ᠡᠷᠭᠢᠮ ᠳᠡᠭᠡᠳᠤ ᠳᠠᠯ᠎ᠠ ᠪᠠᠢ᠌ᠳᠠᠭ ᠪᠣᠢ ︖ ᠳᠡᠳᠡᠭᠡᠷ ᠡᠭᠡᠯ ᠵᠢᠷ ᠤᠨ ᠭᠦᠮᠦᠰ ᠤᠨ ᠡᠮᠦᠨ᠎ᠡ ᠳᠠᠳᠠ ᠪᠠᠶ᠎ᠠ ᠪᠠᠨ ᠡᠷᠭᠦᠨ ᠣᠷᠭᠢᠷᠠᠵᠤ ᠰᠠᠭᠰᠠᠭᠤᠷᠠᠬᠤ ᠡᠷᠭᠡ ᠲᠡᠶ ᠭᠡᠵᠢ ᠦᠦ︖

ᠭᠠᠭᠴᠠᠭᠦ ᠂ ᠳᠡᠳᠡᠭᠡᠷ ᠥᠭᠡ ᠦᠭᠡᠶ ᠭᠦᠳᠡᠯᠮᠦᠷᠢᠯᠡᠵᠤ ᠂ ᠪᠣᠯᠳᠤ ᠣᠯᠠᠨ ᠤ ᠳᠦᠯᠦᠭᠡ ᠪᠣᠷᠪᠢ ᠪᠣᠰᠭᠢᠯ ᠦᠭᠡᠶ ᠵᠢᠦᠡᠭᠦᠵᠤ ᠶᠠᠪᠣᠭ᠎ᠠ ᠭᠦᠮᠦᠰ ᠯᠠ ᠰᠠᠶ‍ᠢ ᠪᠢ ᠨᠡᠢ᠌ᠭᠡᠮ ᠳᠤ ᠭᠡᠷᠡᠭ᠍ᠴᠡᠭᠡ ᠲᠡᠶ ᠭᠦᠮᠤᠨ ᠭᠡᠵᠤ ᠭᠡᠯᠡᠭᠦ ᠡᠷᠭᠡ ᠲᠡᠶ ᠪᠢᠯᠠ ᠃ ᠭᠡᠳᠡᠯ᠎ᠡ ᠳᠠᠳᠠ ᠬᠠᠷᠢᠨ ᠭᠢᠭᠦ ᠡᠴᠡ ᠪᠢᠰᠢ ᠭᠡᠯᠡᠳᠡᠭ᠌ ᠦᠭᠡᠶ ᠪᠢᠯᠠ ᠃


ᠵᠤᠬᠢᠶᠠᠭᠴᠢ᠄ ᠰᠡᠷᠵᠢᠮ᠎ᠠ
ᠬᠠᠷᠢᠶ᠎ᠠ᠄ ᠨᠠᠢᠷᠠᠭᠤᠯᠤᠯ
ᠳᠠᠷᠤᠮ᠄ 6165
ᠴᠠᠭ᠄ 2004 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ