ᠨᠡᠪᠲᠡᠷᠡᠨ ᠤᠷᠤᠬᠤ
ᠠᠮᠢ ᠨᠠᠰᠤᠨ ᠤ ᠬᠠᠢ᠌ᠷ᠎ᠠ

ᠬᠠᠪᠣᠷ ᠤᠨ ᠨᠠᠷᠠᠨ ᠳᠤ ᠬᠠᠯᠢᠭᠤᠷᠠᠭᠰᠠᠨ

ᠬᠠᠩᠭ᠋ᠠᠢ ᠳᠠᠯ᠎ᠠ ᠶᠢᠨ ᠠᠭᠤᠳᠠᠮ ᠳ᠋ᠤ

ᠰᠠᠷᠠᠨ ᠤ ᠭᠡᠷᠡᠯ ᠳ᠋ᠤ ᠲ᠋ᠤᠶᠠᠭᠠᠯᠠᠭᠰᠠᠨ

ᠰᠠᠵᠢᠯᠠᠬᠤ ᠨᠠᠪᠴᠢᠰ ᠤᠨ ᠭᠠᠩᠬᠤᠭᠠᠨ ᠳ᠋ᠤ


ᠰᠦᠮᠠᠢ᠌ᠨ ᠰᠦᠮᠠᠢ᠌ᠨ ᠴᠠᠢ᠌ᠯᠵᠠᠭᠰᠠᠨ

ᠰᠦᠷᠦᠭ᠌ ᠤᠨ ᠪᠠᠷ᠎ᠠ ᠲᠡᠶ ᠠᠯᠤᠰ ᠳᠤ

ᠰᠠᠷ ᠰᠠᠷ ᠰᠠᠯᠭᠢᠨ ᠲᠡᠶ ᠯᠠᠪᠰᠠᠭᠰᠠᠨ

ᠰᠡᠷᠪᠠᠭᠡᠷ ᠡᠭᠦᠯᠡ ᠲᠡᠶ ᠳᠡᠭ᠍ᠷᠢ ᠳ᠋ᠤ


ᠠᠷᠭᠠᠯ ᠤᠨ ᠣᠳᠤᠭ᠎ᠠ ᠪᠣᠷᠭᠢᠯᠤᠭᠰᠠᠨ

ᠠᠳᠤᠭᠤ ᠮᠠᠯ ᠤᠨ ᠪᠠᠯᠴᠢᠭᠡᠷ ᠳᠤ

ᠠᠵᠢᠰᠤ ᠥᠭᠡᠷ ᠦᠳ ᠴᠦᠷᠭᠦᠯᠡᠭ᠍ᠰᠡᠨ

ᠠᠳᠠᠷ ᠤᠨ ᠳᠠᠷᠢᠶᠠᠨ ᠤ ᠵᠤᠷᠬ᠎ᠠ ᠳ᠋ᠤ


ᠰᠢᠪᠠᠨᠠᠨ ᠵᠦᠰᠠᠷᠠᠨ ᠰᠢᠪᠠᠷᠡᠭ᠍ᠰᠡᠨ

ᠨᠠᠮᠢᠷᠠᠭ᠎ᠠ ᠬᠤᠷ᠎ᠠ ᠶᠢᠨ ᠳᠤᠰᠤᠯᠠᠭᠠᠨ ᠳ᠋ᠤ

ᠰᠦᠨᠳᠠᠷᠯᠠᠨ ᠡᠭᠡᠨᠡᠭ᠍ᠰᠢᠨ ᠪᠣᠰᠤᠭᠰᠠᠨ

ᠰᠢᠨᠡᠭᠡᠨ ᠭᠡᠷ ᠤᠨ ᠬᠠᠶᠠᠭᠠᠨ ᠳ᠋ᠤ

ᠪᠢ  ᠶᠡᠷᠦᠳᠡᠭᠡᠨ ᠬᠠᠢ᠌ᠷᠠᠳᠠᠢ ᠶᠤᠮ

ᠪᠢᠰᠢᠭᠦᠢ ᠬᠠᠢ᠌ᠷ᠎ᠠ ᠵᠢᠨ ᠰᠡᠳᠭᠢᠯ ᠲᠡᠶ ᠶᠤᠮ᠃


ᠠᠭᠳᠠ ᠭᠦᠯᠦᠭ᠌ ᠤᠨ ᠦᠣᠷᠰᠡᠭᠡᠨ ᠳᠠᠢ

ᠮᠤᠷᠢᠨ ᠬᠤᠭᠤᠷ ᠤᠨ ᠠᠶᠠᠯᠭᠤ ᠳ᠋ᠤ

ᠠᠪᠢᠶ᠎ᠠ ᠨᠢ ᠥᠭᠡᠳᠡᠷᠭᠡᠭ᠌ ᠰᠤᠪᠢᠩ ᠲ᠋ᠠᠢ

ᠮᠤᠩᠭ᠋ᠤᠯ ᠥᠰᠦᠭ᠌ ᠤᠨ ᠵᠤᠯᠪᠣᠭ᠎ᠠ ᠳ᠋ᠤ


ᠭᠦᠮᠤᠨ ᠤ ᠣᠬᠠᠭᠠᠨ ᠶᠢᠡᠷ ᠳᠤᠷᠠᠢ᠌ᠭᠰᠠᠨ

ᠬᠠᠷᠭᠤᠢ ᠳᠠᠷᠳᠠᠩ ᠵᠠᠮ ᠳ᠋ᠤ

ᠬᠠᠢ᠌ᠷ᠎ᠠ ᠶᠢᠨ ᠢᠷᠡᠯᠵᠢ ᠮᠢᠰᠢᠪᠠᠯᠵᠡᠭ᠍ᠰᠡᠨ

ᠨᠠᠭᠤᠷ ᠭᠤᠤᠯ ᠤᠨ ᠣᠭᠠᠯᠵᠠᠭᠠᠨ ᠳ᠋ᠤ


ᠭᠦᠭᠡ ᠳᠡᠭ᠍ᠷᠢ ᠠᠨᠢᠪᠠᠯᠵᠠᠭᠰᠠᠨ

ᠰᠦᠨᠢ ᠶᠢᠨ ᠣᠳᠤᠳ ᠤᠨ ᠳᠤᠷᠮᠤᠯᠵᠠᠭᠠᠨ ᠳ᠋ᠤ

ᠭᠦᠭᠡᠮᠳᠦᠭ᠌ ᠠᠭᠤᠯᠠ ᠰᠡᠭᠦᠢᠭ᠍ᠰᠡᠨ

ᠰᠥᠳᠡᠭᠡᠷ ᠳᠠᠯ᠎ᠠ ᠶᠢᠨ ᠰᠤᠨᠤᠯᠵᠠᠭᠠᠨ ᠳᠤ

ᠪᠢ ᠶᠡᠷᠦᠳᠡᠭᠡᠨ ᠬᠠᠢ᠌ᠷᠠᠳᠠᠢ ᠶᠤᠮ

ᠪᠢᠰᠢᠭᠦᠢ ᠬᠠᠢ᠌ᠷ᠎ᠠ ᠶᠢᠨ ᠰᠡᠳᠭᠢᠯ ᠲ᠋ᠠᠢ ᠶᠤᠮ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ