☆ ᠪᠦᠬᠡᠵᠢᠷᠭᠠᠯ
ᠬᠡᠦᠬᠡᠳ ᠨᠠᠰᠤ ᠮᠢᠨᠢ ᠰᠠᠢ᠌ᠬᠠᠨ ᠪᠠᠢ᠌ᠭᠰᠠᠨ ᠡ
50 ᠡᠴᠠ ᠬᠣᠢ᠌ᠨᠠᠭᠢ ᠵᠢᠨ
ᠬᠡᠦᠬᠡᠳ ᠪᠠᠢ᠌ᠭᠰᠠᠨ ᠡᠴᠠ
ᠭᠦᠭᠡᠷᠦᠭᠦᠢ ᠪᠠᠢ᠌ᠭᠰᠠᠨ
ᠳᠠᠯ᠎ᠠ ᠶᠢᠨ ᠶᠢᠡᠨ ᠭᠦᠷᠦᠰᠦᠨ᠎ᠡ
ᠨᠢᠴᠦᠭᠦᠨ ᠱᠠᠯᠳᠠᠩ
ᠭᠦᠶᠦᠳᠡᠭ᠌ ᠪᠠᠢ᠌ᠭᠰᠠᠨ
ᠪᠠᠭᠠᠴᠤᠳ ᠡᠴᠠ ᠡᠮᠦᠨᠡᠭᠢ
ᠬᠡᠦᠬᠡᠳ ᠨᠠᠰᠤ ᠭᠡᠭ᠍ᠴᠢ
ᠳᠡᠭ᠍ᠵᠢᠭᠦᠨ ᠪᠠᠢ᠌ᠭᠰᠠᠨ
ᠪᠣᠳᠤᠭᠠᠤᠨ ᠦᠵᠡᠪᠠᠯ
ᠨᠠᠭᠠᠳᠤᠮ ᠨᠢ ᠭᠦᠷᠳᠡᠯ᠎ᠡ
ᠭᠦᠭ᠍ᠵᠢᠭᠦᠨ ᠪᠠᠢ᠌ᠭᠰᠠᠨ ᠡ᠃
ᠪᠣᠳᠠᠭᠠᠨ ᠳᠠᠭᠠᠨ ᠴᠠᠳᠴᠢᠬᠠᠪᠠᠯ
ᠨᠠᠭᠠᠳᠤᠭᠠᠤᠨ ᠭᠦᠶᠦᠴᠢᠭᠡᠳᠡᠭ᠌
ᠡᠮᠨᠢᠭ᠌ ᠪᠠᠢ᠌ᠭᠰᠠᠨ
ᠪᠣᠳᠤᠯ ᠳᠤ ᠣᠷᠤᠭᠰᠠᠨ ᠶᠢᠡᠨ
ᠨᠢᠭᠤᠯ ᠦᠭᠡᠶ ᠶᠠᠷᠢᠴᠢᠬᠠᠳᠠᠭ
ᠳᠡᠨᠡᠭ᠌ ᠪᠠᠢ᠌ᠭᠰᠠᠨ
ᠪᠣᠰᠤᠳ ᠤᠨ ᠣᠢ᠌ᠯᠠ ᠵᠢ
ᠳᠠᠭᠤᠷᠢᠶᠠᠵᠤ ᠰᠥᠢᠭᠦᠯᠳᠡᠭ᠌
ᠳᠦᠢᠳᠦᠭ᠍ᠴᠢ ᠪᠠᠢ᠌ᠭᠰᠠᠨ
ᠪᠣᠯᠬᠤ᠂ ᠪᠣᠯᠬᠤ ᠦᠭᠡᠶ ᠵᠢᠨ
ᠳ᠋ᠦ᠋ᠩ ᠢ ᠪᠣᠳᠤᠳᠠᠭ ᠥᠭᠡᠢ
ᠥᠢᠯᠡᠳᠦᠭ᠍ᠴᠢ ᠪᠠᠢ᠌ᠭᠰᠠᠨ
ᠪᠣᠷᠭᠠᠰᠤᠨ ᠮᠤᠷᠢ ᠪᠠᠷ ᠵᠢᠠᠨ
ᠣᠷᠤᠯᠳᠤᠭᠠᠨ ᠳᠠᠯᠪᠢᠳᠠᠭ
ᠡᠮᠨᠢᠭ᠍ᠴᠢᠨ ᠪᠠᠢ᠌ᠭᠰᠠᠨ
ᠪᠣᠳᠠᠨ ᠤ ᠳᠠᠤᠯᠠᠢ ᠶᠢ
ᠨᠤᠬᠠᠢ ᠲᠡᠶ ᠪᠠᠨ ᠳᠠᠭᠤᠳᠠᠭ
ᠠᠩᠴᠢᠨ ᠪᠠᠢ᠌ᠭᠰᠠᠨ
ᠪᠣᠷᠤᠭᠠᠨ ᠤ ᠳᠠᠷᠠᠭ᠎ᠠ
ᠳᠤᠭᠤᠷᠢᠮ ᠶᠢᠡᠷ ᠭᠦᠶᠦᠴᠢᠭᠡᠳᠡᠭ᠌
ᠮᠥᠭᠦᠴᠢᠨ ᠪᠠᠢ᠌ᠭᠰᠠᠨ
ᠢᠮᠠᠭᠠᠨ ᠳᠡᠷᠭᠡ* ᠪᠠᠷ ᠵᠢᠠᠨ
ᠳᠠᠪᠣᠰᠤᠨ ᠳᠤ ᠶᠠᠪᠣᠳᠠᠭ
ᠠᠶᠠᠠᠴᠢᠨ ᠪᠠᠢ᠌ᠭᠰᠠᠨ
ᠢᠰᠢᠭᠡ ᠬᠤᠷᠠᠭ᠎ᠠ ᠪᠠᠨ
ᠮᠤᠷᠢᠳ ᠭᠡᠵᠤ ᠣᠷᠭᠠᠯᠠᠳᠠᠭ
ᠠᠳᠤᠭᠤᠴᠢᠨ ᠪᠠᠢ᠌ᠭᠰᠠᠨ
ᠢᠰᠡᠭᠡᠢ ᠠᠳᠠᠰᠬ᠎ᠠ ᠪᠠᠷ
ᠱᠠᠭ᠎ᠠ ᠪᠠᠨ ᠪᠠᠯᠴᠢᠭᠡᠳᠡᠭ᠌
ᠬᠤᠨᠢᠴᠢᠨ ᠪᠠᠢ᠌ᠭᠰᠠᠨ ᠡ᠃
ᠬᠠᠭᠠᠷᠬᠠᠢ ᠱᠠᠭᠠᠵᠢᠩ ᠶᠢᠡᠷ
ᠭᠡᠷᠡᠭ᠍ᠰᠡᠯ ᠶᠢᠡᠨ ᠪᠣᠯᠭᠠᠵᠤ
ᠠᠢ᠌ᠯ ᠪᠣᠯᠵᠤ ᠨᠠᠭᠠᠳᠤᠳᠠᠭ ᠪᠠᠢ᠌ᠭᠰᠠᠨ
ᠬᠤᠨᠢᠨ ᠤ ᠬᠤᠷᠭᠤᠯ ᠵᠢᠠᠷ
ᠪᠣᠤᠪᠣ ᠪᠣᠯᠭᠠᠵᠤ
ᠢᠷᠡᠭ᠍ᠰᠡᠨ ᠭᠡᠢ᠌ᠴᠢᠨ ᠳᠡᠭᠡᠨ ᠫᠢᠯᠠᠯᠠᠳᠠᠭ ᠪᠠᠢ᠌ᠭᠰᠠᠨ
ᠬᠠᠶᠠᠭᠠᠨ ᠳ᠋ᠠᠭᠢ ᠠᠢ᠌ᠯ ᠳ᠋ᠠᠭᠠᠨ
ᠰᠠᠢ᠌ᠨ ᠦᠦ ᠮᠠᠠᠳᠤ ᠦᠦ ᠭᠡᠵᠤ
ᠠᠢ᠌ᠯᠠᠴᠢᠯᠠᠳᠠᠭ ᠪᠠᠢ᠌ᠭᠰᠠᠨ
ᠠᠭᠤᠯᠠ ᠳᠠᠯ᠎ᠠ ᠶᠢᠨ ᠶᠢᠡᠨ
ᠴᠠᠪᠠᠷ ᠠᠭᠠᠷ ᠢ ᠨᠢ
ᠳᠠᠭᠠᠳᠠᠢ ᠭᠡᠭ᠍ᠴᠢ ᠠᠮᠢᠰᠬᠤᠯᠯᠠᠳᠠᠭ ᠪᠠᠢ᠌ᠭᠰᠠᠨ
ᠣᠩᠭ᠋ᠤᠨ ᠪᠠᠢ᠌ᠭᠠᠯᠢ ᠶᠢᠨ ᠶᠢᠡᠨ
ᠰᠠᠢ᠌ᠬᠠᠨ ᠪᠦᠭᠦᠨ ᠢ ᠨᠢ
ᠳᠤᠷᠠᠨ ᠨᠢᠳᠤ ᠪᠠᠷ ᠶᠢᠡᠨ ᠪᠠᠬᠠᠷᠳᠠᠭ ᠪᠠᠢ᠌ᠭᠰᠠᠨ
ᠨᠠᠷᠠᠨ᠂ ᠰᠠᠷᠠᠨ
ᠣᠳᠤᠨ᠂ ᠳᠡᠭ᠍ᠷᠢ ᠶᠢᠨ ᠵᠢᠠᠨ
ᠰᠢᠳᠢ ᠪᠦᠭᠦᠨ ᠢ ᠨᠢ ᠭᠠᠢ᠌ᠬᠠᠳᠠᠭ ᠪᠠᠢ᠌ᠭᠰᠠᠨ
ᠨᠠᠭᠤᠷ ᠭᠤᠤᠯ
ᠬᠤᠤᠠᠳᠤᠭ ᠣᠰᠤᠨ ᠤ ᠪᠠᠨ
ᠭᠦᠨ ᠡᠴᠠ ᠨᠢ ᠠᠶᠤᠳᠠᠭ ᠪᠠᠢ᠌ᠭᠰᠠᠨ ᠡ᠃
ᠪᠣᠭᠤᠷᠰᠤᠭ ᠰᠢᠭᠢᠷ ᠴᠤᠬᠠᠭ ᠡᠴᠠ
ᠴᠠᠭᠠᠨ ᠰᠠᠷ᠎ᠠ ᠵᠢ
ᠭᠦᠰᠡᠳᠡᠭ᠌ ᠪᠠᠢ᠌ᠭᠰᠠᠨ
ᠪᠣᠷᠴᠠᠯᠠᠭᠰᠠᠨ ᠮᠢᠬ᠎ᠠ ᠢᠳᠠᠶ᠎ᠠ ᠭᠡᠵᠤ
ᠡᠵᠢ ᠳᠡᠭᠡᠨ ᠳᠠᠩᠳᠠ
ᠭᠤᠪᠣᠭᠤᠨᠠᠳᠠᠭ ᠪᠠᠢ᠌ᠭᠰᠠᠨ
ᠪᠣᠭᠴᠤ ᠡᠭᠦᠷᠴᠤ
ᠰᠤᠷᠭᠠᠭᠤᠯᠢ ᠳᠤ ᠶᠠᠪᠣᠨ᠎ᠠ ᠭᠡᠵᠤ
ᠳᠠᠩᠴᠢ ᠶᠡᠭᠡ ᠭᠤᠷᠢᠯᠠᠳᠠᠭ ᠪᠠᠢ᠌ᠭᠰᠠᠨ
ᠪᠣᠰᠢᠭᠤ ᠥᠰᠦᠭᠡᠳ
ᠳᠦᠷᠦᠭᠡ ᠢᠰᠭᠦᠯᠦᠨ᠎ᠡ ᠭᠡᠵᠤ
ᠳᠤᠩ ᠴᠤ ᠳᠡᠩᠳᠡᠭᠦᠤ ᠶᠠᠭᠠᠷᠠᠳᠠᠭ ᠪᠠᠢ᠌ᠭᠰᠠᠨ ᠡ᠃
ᠮᠤᠷᠢᠳᠠᠨ ᠦᠨᠳᠦᠰᠦᠳᠠᠨ ᠤ ᠮᠢᠨᠢ
ᠣᠤᠭᠠᠯ ᠰᠤᠶᠤᠯ
ᠪᠣᠯᠪᠠᠷᠠᠢ ᠣᠶᠤᠨ ᠤ ᠳᠡᠵᠢᠭᠡᠯ ᠪᠠᠢ᠌ᠭᠰᠠᠨ
ᠮᠠᠨ ᠤ ᠦᠶ᠎ᠡ ᠶᠢᠨ
ᠦᠰᠪᠦᠷᠢ ᠶᠢᠨ ᠪᠠᠭᠠᠴᠤᠳ
ᠪᠠᠢ᠌ᠭᠠᠯᠯᠢᠭ ᠭᠡᠪ ᠶᠢᠡᠷ ᠨᠢ ᠭᠦᠷᠳᠡᠳᠡᠭ᠌ ᠪᠠᠢ᠌ᠭᠰᠠᠨ
ᠮᠤᠩᠭ᠋ᠤᠯ ᠠᠬᠠᠮᠠᠤᠨ ᠨᠢ
ᠭᠡᠵᠢᠶ᠎ᠡ ᠬᠠᠮᠢᠭ᠎ᠠ ᠴᠤ
ᠪᠠᠭᠠᠴᠤᠳ ᠮᠠᠨ ᠤ ᠳᠠᠭᠤᠷᠢᠶᠠᠯ ᠪᠠᠢ᠌ᠭᠰᠠᠨ
ᠮᠠᠷᠳᠠᠵᠤ ᠪᠣᠯᠤᠰᠢ ᠦᠭᠡᠶ ᠨᠢ
ᠭᠡᠯᠡ ᠰᠤᠶᠤᠯ ᠭᠡᠵᠤ
ᠪᠠᠯᠴᠢᠷ ᠳᠠᠷᠢᠭᠢᠨ ᠳᠤ ᠴᠡᠭᠡᠵᠢᠯᠡᠭᠦᠯᠵᠤ ᠪᠠᠢ᠌ᠭᠰᠠᠨ
ᠰᠠᠴᠠᠨ ᠰᠠᠢ᠌ᠬᠠᠨ
ᠥᠯᠢᠭᠡᠷ ᠳᠤᠮᠤᠭ ᠵᠢᠠᠷ
ᠣᠬᠠᠭᠠᠨ ᠪᠢᠯᠢᠭ᠌ ᠢ ᠨᠡᠭᠡᠭ᠍ᠳᠡᠭᠦᠯᠵᠤ ᠪᠠᠢ᠌ᠭᠰᠠᠨ
ᠰᠡᠪᠠᠭᠦᠨ ᠰᠤᠨᠢᠨ
ᠣᠨᠢᠰᠤᠭ᠎ᠠ ᠳᠠᠭᠠᠯᠭᠠᠵᠤ
ᠣᠷᠠᠨ ᠰᠠᠳᠭᠢᠮᠵᠢ ᠶᠢ ᠰᠢᠯᠭᠠᠳᠠᠭ ᠪᠠᠢ᠌ᠭᠰᠠᠨ
ᠮᠠᠷᠳᠠᠰᠢ ᠥᠭᠡᠢ
ᠬᠡᠦᠬᠡᠳ ᠦᠶ᠎ᠡ ᠵᠢ
ᠭᠡᠯᠡᠭᠡᠳ ᠢᠷᠠᠪᠠᠯ ᠰᠠᠢ᠌ᠬᠠᠨ ᠯᠠ ᠪᠠᠢ᠌ᠬᠤ ᠶᠤᠮ
ᠮᠠᠭᠠᠳᠯᠠᠵᠤ ᠭᠡᠯᠡᠪᠠᠯ
ᠭᠦᠭᠡᠷᠦᠭᠦᠢ ᠨᠠᠭᠠᠳᠤᠮ ᠨᠢ ᠴᠤ
ᠭᠦᠳᠡᠭᠡ ᠶᠢᠨ ᠰᠠᠢ᠌ᠬᠠᠨ ᠠᠮᠢᠳᠤᠷᠠᠯ ᠪᠠᠢ᠌ᠬᠤ ᠶᠤᠮ ᠡ︕
* ᠬᠤᠷᠤᠭᠤᠨ ᠭᠢᠷᠢᠳᠠᠢ ᠨᠠᠷᠢᠨ ᠪᠣᠷᠭᠠᠰᠤ ᠪᠣᠶᠤ ᠬᠠᠢ᠌ᠯᠠᠰᠤ ᠶᠢᠡᠷ ᠮᠠᠳᠠᠵᠤ ᠭᠢᠭ᠍ᠰᠡᠨ ᠳᠦᠭᠦᠮ ᠨᠠᠭᠠᠳᠤᠮ ᠤᠨ ᠳᠡᠷᠭᠡ᠃
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ