ᠨᠡᠪᠲᠡᠷᠡᠨ ᠤᠷᠤᠬᠤ
ᠪᠠᠠᠠᠰᠢ ᠭᠦᠮᠤᠨ ᠡᠨᠡᠷᠢᠯ ᠤᠨ ᠬᠤᠷ᠎ᠠ

ᠦᠨᠳᠦᠰᠦᠨ ᠰᠤᠶᠤᠯ ᠤᠨ ᠣᠷᠭᠤᠭ᠎ᠠ ᠨᠤᠭᠤᠭᠠᠨ ᠨᠤᠲ᠋

ᠦᠨᠢᠳᠠ ᠰᠠᠴᠤᠷᠠᠭᠯᠠᠬᠤ ᠡᠩᠬᠡ ᠤᠨ ᠢᠷᠠᠭᠤ ᠪᠦᠪᠠᠢ

ᠣᠶᠤᠨ ᠮᠡᠷᠭᠡᠵᠢᠯᠳᠡᠨ ᠤ ᠨᠠᠢ᠌ᠷᠠᠭ ᠰᠦᠨ ᠰᠡᠳᠭᠢᠯ

ᠣᠷᠴᠢᠯᠠᠩ ᠬᠤᠷᠸ᠎ᠠ ᠶᠢᠨ ᠮᠡᠳᠡᠯᠭᠡ ᠦᠨᠡᠨ ᠤ ᠳᠤᠯᠢ

ᠠᠮᠢᠳᠤᠷᠠᠯ ᠠᠶᠠᠨ ᠳᠤ ᠠᠩᠬᠠᠯᠠᠨ ᠰᠠᠨᠠᠬᠤ ᠳᠤᠷᠠᠰᠤᠮᠵᠢ

ᠠᠯᠤᠰ ᠲᠤ ᠳᠡᠷᠭᠡᠯᠯᠡᠭᠦ ᠪᠣᠮᠠᠨ ᠡᠷᠳᠡᠨᠢ ᠶᠢᠨ ᠲᠦᠯᠭᠢᠭᠦᠷ

ᠠᠷᠠᠤᠨ ᠰᠠᠶ᠎ᠠ ᠣᠬᠠᠭᠠᠨ ᠤ ᠨᠠᠷᠠᠨ ᠳᠤᠯᠠᠭᠠᠨ ᠰᠠᠴᠤᠯᠢ

ᠠᠷᠠᠯ ᠤᠨ ᠰᠢᠷ᠎ᠠ ᠶᠢᠨ ᠣᠢ᠌ᠯᠠᠰ ᠴᠠᠭᠠᠨ ᠭᠦᠳᠡᠯᠮᠦᠷᠢ

ᠠᠯᠳᠠᠷᠠᠢ ᠶᠠᠪᠣᠠᠠᠰᠠᠨ ᠪᠠᠠᠠᠰᠢ ᠶᠢᠨ ᠡᠷᠭᠢᠮ ᠣᠢ᠌ᠯᠠᠰ ᠢ

ᠠᠯᠳᠠᠨ ᠳᠡᠯᠡᠭᠡᠢ ᠶᠢᠨ ᠠᠷᠠᠤᠨ ᠪᠦᠭᠦᠨ ᠤ ᠰᠡᠳᠭᠢᠯ ᠳ᠋ᠤ

ᠠᠰᠢᠳᠠ ᠶᠢᠨ ᠳᠤᠤᠯᠢᠰ ᠪᠣᠯᠭᠠᠨ ᠮᠥᠩᠭᠡᠷᠡᠭᠦᠯᠭᠦ ᠭᠡᠵᠤ

ᠠᠶ᠎ᠠ ᠰᠢᠯᠦᠭ᠌ ᠲᠤ ᠪᠠᠨ ᠣᠶᠠᠩᠭ᠋ᠠᠷᠠᠭᠤᠯᠬᠤ ᠶᠢ ᠰᠠᠨᠠᠯ᠎ᠠ


ᠠᠷᠢᠭᠤᠨ ᠭᠦᠯᠦᠰᠤᠨ ᠴᠠᠭᠠᠨ ᠭᠦᠳᠡᠯᠮᠦᠷᠢ ᠶᠢ ᠴᠢᠨᠢ

ᠠᠩᠭᠢᠷ ᠰᠢᠷ᠎ᠠ ᠡᠵᠢ ᠶᠢᠨ ᠣᠭᠤᠷᠠᠭ ᠰᠥ᠋ ᠭᠡᠵᠤ

ᠠᠭᠠᠭᠢᠮ᠎ᠠ ᠵᠤᠨ ᠰᠢᠭ ᠨᠠᠷᠠᠨ ᠬᠠᠢ᠌ᠷ᠎ᠠ ᠶᠢ ᠴᠢᠨᠢ

ᠠᠭᠠᠳᠠᠷ ᠪᠣᠷᠤᠭᠠᠨ ᠤ ᠳᠤᠷᠭᠠᠨ ᠬᠠᠢ᠌ᠷ᠎ᠠ ᠭᠡᠵᠤ

ᠪᠦᠮᠪᠦᠷᠴᠡᠭ᠌ ᠽᠡᠮᠪᠦᠯᠢᠭ᠌ ᠤᠨ ᠭᠡᠭᠡᠨ ᠵᠤᠯᠠ ᠪᠣᠯᠤᠠᠠᠰᠠᠨ

ᠪᠠᠠᠠᠰᠢ ᠶᠢᠨ ᠨᠠᠷᠠᠨ ᠭᠦᠳᠡᠯᠮᠦᠷᠢ ᠶᠢ ᠦᠨᠡᠯᠠᠶ᠎ᠠ ᠭᠡᠵᠤ

ᠪᠠᠭᠡ ᠰᠢᠩᠭᠡᠭ᠍ᠰᠡᠨ ᠡᠨᠡᠷᠢᠩᠭᠦᠢ ᠭᠢᠴᠢᠶᠡᠯᠯᠡᠭᠡ ᠶᠢ ᠴᠢᠨᠢ

ᠪᠠᠯᠠᠷ ᠳᠠᠷᠢᠭᠢ ᠶᠢ ᠭᠡᠭᠡᠷᠡᠭᠦᠯᠭᠦ ᠶᠢᠨ ᠴᠤᠩᠬᠤ ᠭᠡᠵᠤ

ᠣᠯᠠᠯᠵᠢᠨ ᠰᠥᠨᠦᠭᠦ ᠯᠠ ᠶᠢᠨ ᠠᠳᠠᠯᠢ ᠦᠷᠡᠭ᠍ᠳᠡᠯ ᠢ ᠴᠢᠨᠢ

ᠣᠯᠠᠠᠴᠢ ᠭᠦᠮᠤᠨ ᠤ ᠰᠡᠳᠭᠢᠯ ᠳᠤ ᠠᠭᠤᠰᠬᠠᠠᠬᠤ ᠭᠡᠵᠤ

ᠣᠢ᠌ᠯᠠᠰ ᠤᠨ ᠳᠦᠷᠦᠭᠡᠨ ᠳ᠋ᠠᠭᠢ ᠪᠦᠳᠦᠭᠡᠯ ᠢ ᠴᠢᠨᠢ

ᠦᠷᠠᠰ ᠪᠠᠯᠴᠢᠷ ᠤᠨ ᠶᠢᠡᠨ ᠢᠡᠷᠡᠭᠡᠳᠦᠢ ᠭᠡᠵᠤ

ᠡᠨ ᠡ ᠭᠡᠭᠦ ᠡᠭᠡᠰᠢᠭ᠌ ᠢᠷᠠᠭᠤ ᠠᠪᠢᠶ᠎ᠠ ᠶᠢ ᠴᠢᠨᠢ

ᠠᠴᠢᠷ ᠤᠨ ᠶᠢᠡᠨ ᠪᠢᠯᠢᠭ᠌ ᠲᠤ ᠠᠭᠤᠰᠬᠠᠨ᠎ᠠ ᠭᠡᠵᠤ

ᠠᠯᠳᠠᠩᠬᠠᠨ ᠳᠤᠤᠯᠢ ᠲᠡᠶ ᠠᠯᠳᠠᠷ ᠨᠠᠷ᠎ᠠ ᠶᠢ ᠴᠢᠨᠢ

ᠠᠷᠠᠳᠴᠢᠯᠠᠠᠠᠰᠠᠨ ᠳᠦᠷᠤ ᠳᠡᠭᠡᠨ ᠳᠡᠮᠳᠡᠭᠯᠡᠭᠦᠯᠭᠦ ᠭᠡᠵᠤ

ᠡᠡᠷᠢᠭᠤᠨ ᠭᠦᠳᠡᠯᠮᠦᠷᠢ ᠲᠡᠶ ᠠᠴᠢ ᠭᠠᠪᠢᠶ᠎ᠠ ᠶᠢ ᠴᠢᠨᠢ

ᠠᠯᠳᠠᠨ ᠤ ᠳᠠᠶᠠᠩ ᠳᠤ ᠳᠠᠭᠤᠷᠢᠰᠤᠭᠤᠯᠬᠤ ᠭᠡᠵᠤ

ᠠᠶᠠᠯᠭᠤ ᠰᠢᠯᠦᠭ᠌ ᠤᠨ ᠴᠤᠭᠢᠯᠭ᠎ᠠ ᠳᠠᠭᠠᠷᠠᠭᠤᠯᠤᠨ

ᠠᠷᠠᠤᠨ ᠤᠨ ᠪᠠᠠᠠᠰᠢ ᠨᠡᠷ ᠶᠢᠡᠨ ᠥᠨᠡᠯᠡᠭᠦ ᠶᠢ ᠰᠠᠨᠠᠯ᠎ᠠ

ᠣᠳᠤᠳᠤ ᠣᠷᠴᠢᠯᠠᠩ ᠤᠨ ᠨᠢᠭᠤᠴᠠ ᠮᠡᠳᠡᠯᠭᠡ ᠵᠢ

ᠣᠳᠤᠮᠳᠤ ᠦᠷᠠᠰ ᠲᠤ ᠪᠠᠨ ᠨᠢᠳᠦᠯᠡᠭᠦᠯᠭᠦ ᠭᠡᠵᠤ

ᠣᠬᠠᠭᠠᠨ ᠶᠢᠡᠷ ᠵᠢᠭᠦᠷᠯᠡᠭᠦ ᠪᠠᠭᠠᠴᠤᠳ ᠬᠣᠢ᠌ᠴᠢᠰ ᠤᠨ

ᠣᠶᠠᠬᠠᠨ ᠭᠦᠰᠡᠯ ᠢ ᠨᠢ ᠳᠦᠷᠦᠭᠡᠯᠡᠭᠦᠯᠭᠦ ᠭᠡᠵᠤ

ᠭᠦᠷᠦᠰᠦᠳᠤ ᠳᠡᠯᠡᠭᠡᠢ ᠶᠢᠨ ᠦᠪ ᠰᠤᠶᠤᠯ ᠢ

ᠭᠦᠮᠤᠨ ᠤ ᠰᠠᠢ᠌ᠬᠠᠨ ᠳᠤ ᠳᠡᠷᠭᠡᠯᠰᠢᠭᠦᠯᠭᠦ ᠭᠡᠵᠤ

ᠭᠦᠮᠦᠯᠢᠭ᠌ ᠬᠠᠢ᠌ᠷ᠎ᠠ ᠪᠠᠷ ᠣᠶᠠᠰᠳᠠᠭ ᠢ ᠴᠢᠨᠢ

ᠭᠦᠭᠡᠮᠳᠦᠭ᠌ ᠵᠡᠭᠦᠳᠤᠨ ᠳᠤ ᠪᠠᠨ ᠣᠶᠠᠩᠭ᠋ᠠᠯᠠᠬᠤ ᠭᠡᠵᠤ

ᠣᠬᠠᠭ᠎ᠠ ᠳᠡᠯᠡᠭᠦ ᠰᠤᠳᠤᠨ ᠣᠢ᠌ᠯᠠᠰ ᠢ ᠴᠢᠨᠢ

ᠣᠶᠠᠩᠭ᠋᠎ᠠ ᠨᠠᠢ᠌ᠷᠠᠭ ᠲᠠᠭᠠᠨ ᠮᠥᠩᠭᠡᠵᠢᠭᠦᠯᠭᠦ ᠭᠡᠵᠤ

ᠦᠨᠡᠨ ᠤ ᠬᠠᠷᠭᠤᠢ ᠳᠤ ᠪᠠᠨ ᠣᠷᠤᠠᠵᠢᠭᠤᠯᠵᠤ

ᠣᠳᠤ᠂ ᠢᠷᠡᠭᠡᠳᠦᠢ ᠳᠤ ᠠᠮᠢᠯᠠᠭᠤᠯᠬᠤ ᠶᠢ ᠰᠠᠨᠠᠯ᠎ᠠ


ᠢᠷᠡᠭᠡᠳᠦᠢ ᠳᠤ ᠴᠡᠴᠡᠭᠯᠡᠭᠦ ᠨᠤᠭᠤᠭᠠᠨ ᠨᠠᠭᠢᠶ᠎ᠠ ᠳᠤ

ᠢᠳᠡᠭᠡᠯ ᠤᠨ ᠦᠨᠳᠦᠷ ᠬᠤᠷ᠎ᠠ ᠬᠠᠢ᠌ᠷᠠᠯᠠᠠᠠᠰᠠᠨ

ᠦᠨᠢ ᠬᠤᠯᠠ ᠶᠢᠨ ᠳᠡᠷᠭᠡᠯ ᠬᠠᠷᠠᠭ᠎ᠠ ᠳᠠᠢ

ᠣᠶᠤᠠᠴᠢ ᠭᠦᠮᠦᠵᠢᠯ ᠤᠨ ᠠᠮᠢ ᠴᠠᠭᠠᠨ ᠡᠷᠳᠡᠨᠢ

ᠡᠷᠢᠯ ᠤᠨ ᠭᠦᠮᠤᠨ ᠤ ᠰᠤᠷᠠᠭ ᠤᠨ ᠵᠠᠯᠠᠭᠤᠷ

ᠡᠷᠳᠡᠮ ᠶᠢᠡᠨ ᠬᠠᠠᠳᠢᠪᠯᠠᠠᠠᠰᠠᠨ ᠳᠤᠷᠭᠠᠨ ᠵᠠᠮ

ᠡᠨᠡᠷᠢᠯ ᠤᠨ ᠳᠡᠭ᠍ᠷᠢ ᠪᠠᠠᠠᠰᠢ ᠶᠢᠨ ᠵᠢᠦᠡᠭᠦᠯ ᠢ

ᠡᠭᠡᠨᠡᠭ᠍ᠳᠡ ᠳᠠᠭᠤᠷᠢᠰᠤᠭᠤᠯᠵᠤ ᠰᠢᠯᠦᠭᠯᠡᠵᠤ ᠶᠠᠪᠣᠶ᠎ᠠ ︕


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ᠂ ᠣᠷᠳᠤᠰ ᠬᠤᠳᠠ ᠶᠢᠨ ᠣᠳᠤᠭ ᠤᠨ ᠡᠮᠦᠨᠡᠳᠤ ᠬᠤᠰᠢᠭᠤ

ᠵᠤᠬᠢᠶᠠᠭᠴᠢ᠄ ᠭᠧ ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4140
ᠴᠠᠭ᠄ 2010 ᠤᠨ ᠤ 08 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ