☆ ᠯ·ᠣᠳᠤᠨ
ᠭᠡᠭᠡᠷ᠎ᠡ ᠶᠢᠨ ᠰᠠᠷᠭᠠᠢ
᠊᠊᠊᠊᠊᠊᠊᠊᠊᠊᠊᠊᠊᠊᠊ ᠨᠢᠭᠤᠵᠤ ᠪᠢᠴᠢᠭ᠍ᠰᠡᠨ ᠰᠢᠯᠦᠭ᠌
ᠬᠠᠴᠠᠷ ᠤᠨ ᠴᠢᠨᠢ ᠭᠡᠭᠡᠨ ᠳᠤ ᠭᠠᠢ᠌ᠬᠠᠵᠤ
ᠰᠠᠷ᠎ᠠ ᠨᠡᠭᠦᠳᠡᠯᠯᠡᠭᠦ ᠪᠠᠨ ᠮᠠᠷᠳᠠᠮᠠᠷ
ᠬᠠᠷᠠᠴᠠᠨ ᠤ ᠴᠢᠨᠢ ᠳᠤᠩᠭ᠋ᠠᠯᠠᠭ ᠲᠤ ᠰᠤᠴᠢᠨ
ᠪᠣᠯᠠᠭ ᠣᠷᠭᠢᠯᠬᠤ ᠪᠠᠨ ᠪᠠᠢ᠌ᠮᠠᠷ
ᠨᠢᠭᠤᠴᠠᠯᠠᠵᠤ ᠰᠢᠪᠠᠨᠡᠭ᠍ᠰᠡᠨ ᠥᠭᠡ ᠶᠢ ᠴᠢᠨᠢ
ᠬᠠᠯᠠᠭᠤᠨ ᠵᠢᠷᠦᠭᠡᠨ ᠳᠡᠭᠡᠨ ᠰᠠᠢ᠌ᠯᠤᠮᠠᠷ
ᠨᠢᠷᠤᠭᠤ ᠪᠠᠯᠭᠡᠭᠦᠰᠤ ᠪᠠᠷ ᠴᠢᠨᠢ ᠳᠡᠪᠠᠷᠢᠭᠡᠳ
ᠬᠠᠷᠠᠩᠭ᠋ᠤᠢ ᠶᠢ ᠦᠷᠭᠦᠭᠡᠳᠡᠯᠡ ᠵᠢᠷᠭᠠᠮᠠᠷ
ᠭᠡᠦᠭᠡᠨ ᠪᠠᠶ᠎ᠠ ᠶᠢᠨ ᠴᠢᠨᠢ ᠦᠨᠦᠷ ᠲᠤ ᠳᠤᠷᠠᠯᠠᠵᠤ
ᠭᠦᠡᠵᠢᠯᠡ ᠶᠢᠨ ᠵᠠᠬ᠎ᠠ ᠪᠠᠷ ᠰᠢᠷᠭᠤᠮᠠᠷ
ᠭᠦᠯᠦᠷᠡᠭ᠍ᠰᠡᠨ ᠭᠦᠭᠦᠨ ᠤ ᠴᠢᠨᠢ ᠳᠤᠪᠴᠢ ᠶᠢ ᠬᠠᠵᠠᠨ
ᠭᠦᠰᠡᠯ ᠤᠨ ᠭᠠᠯ ᠳᠤ ᠰᠢᠳᠠᠮᠠᠷ
ᠰᠠᠢ᠌ᠬᠠᠨ ᠬᠠᠷ᠎ᠠ ᠭᠡᠵᠢᠭᠡ ᠶᠢ ᠴᠢᠨᠢ ᠢᠯᠢᠵᠤ
ᠨᠠᠰᠤ ᠪᠠᠷ ᠬᠠᠮᠳᠤ ᠰᠠᠭᠤᠮᠠᠷ
ᠰᠠᠷᠠᠨ ᠴᠠᠭᠠᠨ ᠵᠢᠰᠤ ᠶᠢ ᠴᠢᠨᠢ ᠬᠠᠷᠠᠮᠨᠠᠨ
ᠨᠠᠷᠠᠳᠤ ᠶᠢᠨ ᠳᠤᠭᠤᠰᠤᠨ ᠡᠴᠡ ᠵᠢᠭᠤᠳᠠᠮᠠᠷ
ᠭᠦᠨᠡᠢ᠌ᠷᠭᠡᠵᠤ ᠴᠢᠳᠠᠳᠠᠭ ᠦᠭᠡᠶ ᠠᠭᠠᠯᠢᠨ ᠳᠤ ᠴᠢᠨᠢ ᠬᠤᠷᠭᠤᠳᠠᠵᠤ
ᠪᠣᠷᠤᠭᠠᠨ ᠳᠤ ᠳᠠᠪᠳᠤᠵᠤ ᠵᠤᠭᠰᠤᠮᠠᠷ
ᠭᠦᠮᠤᠨ ᠤ ᠭᠢ ᠪᠠᠢ᠌ᠭᠰᠠᠨ ᠴᠤ ᠰᠡᠳᠭᠢᠯ ᠶᠢᠡᠨ ᠠᠷᠭᠠᠳᠠᠨ
ᠪᠣᠷᠬᠠᠨ ᠳᠤ ᠣᠴᠢᠵᠤ ᠮᠦᠷᠭᠦᠮᠡᠷ
ᠬᠤᠯᠠ ᠪᠠᠢ᠌ᠭᠰᠠᠨ ᠴᠤ ᠤᠢ᠌ᠷᠠᠬᠠᠨ ᠰᠠᠨᠠᠵᠤ
ᠨᠢᠰᠴᠤ ᠭᠦᠷᠦᠭᠡᠳ ᠵᠤᠯᠭᠠᠮᠠᠷ
ᠬᠤᠷᠸ᠎ᠠ ᠶᠢ ᠬᠠᠮᠳᠤ ᠳᠤᠭᠤᠯᠵᠤ ᠴᠢᠳᠠᠳᠠᠭ ᠥᠭᠡᠢ
ᠨᠢᠮᠭᠡᠨ ᠵᠠᠶᠠᠭᠠᠨ ᠳᠠᠭᠠᠨ ᠭᠤᠮᠤᠳᠠᠮᠠᠷ
ᠥᠭᠦᠭᠡᠷᠳᠡᠮᠡᠷ ᠭᠦᠭᠡᠷᠦᠭᠦᠨ ᠳᠦᠷᠢ ᠶᠢ ᠴᠢᠨᠢ ᠬᠠᠷᠠᠭᠠᠤᠨ
ᠵᠢᠷᠦᠭᠡᠨ ᠳᠡᠭᠡᠨ ᠨᠠᠭᠠᠵᠤ ᠡᠷᠭᠡᠯᠡᠮᠡᠷ
ᠥᠡᠳᠡᠭᠡᠨ ᠵᠥᠭᠡᠯᠡᠨ ᠬᠠᠴᠠᠷ ᠡᠴᠡ ᠴᠢᠨᠢ ᠰᠢᠮᠠᠨ
ᠵᠡᠭᠦᠳᠤᠨ ᠳᠡᠭᠡᠨ ᠭᠦᠷᠴᠤ ᠦᠨᠦᠰᠤᠮᠠᠷ
ᠬᠠᠮᠳᠤ ᠠᠮᠢᠳᠤᠷᠠᠬᠤ ᠢᠷᠦᠭᠡᠯ ᠦᠭᠡᠶ ᠴᠤ
ᠮᠦᠷᠦᠭᠡᠳᠦᠯ ᠳᠡᠭᠡᠨ ᠬᠠᠳᠠᠳᠠᠯ᠎ᠠ ᠰᠠᠨᠠᠮᠠᠷ ᠡ
ᠬᠠᠨᠢᠯᠠᠵᠤ ᠰᠠᠭᠤᠬᠤ ᠵᠠᠶᠠᠭ᠎ᠠ ᠦᠭᠡᠶ ᠴᠤ
ᠰᠡᠳᠭᠢᠯ ᠶᠢᠡᠨ ᠪᠣᠭᠤᠷᠤᠯᠳᠠᠳᠠᠯ᠎ᠠ ᠬᠠᠢ᠌ᠷᠠᠯᠠᠮᠠᠷ ᠡ︕
2011᠂ 3᠂ 31 ᠪᠠᠭᠡᠵᠢᠩ ᠳ᠋ᠤ
ᠵᠤᠬᠢᠶᠠᠭᠴᠢ ᠶᠢᠨ ᠬᠠᠶᠢᠭ ᠄ 《ᠯᠤ ᠰᠢᠶᠦ᠋ᠨ ᠨᠠᠷᠠᠮᠵᠢᠳᠤ》 ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ