ᠨᠡᠪᠲᠡᠷᠡᠨ ᠤᠷᠤᠬᠤ
ᠥᠡᠳᠦᠷᠯᠢᠭ᠌ ᠤᠨ ᠪᠣᠷᠤᠭᠠᠨ

ᠥᠵᠦᠭᠦᠷ ᠦᠭᠡᠶ ᠳᠠᠯ᠎ᠠ ᠶᠢ ᠡᠰᠭᠡᠵᠤ

ᠥᠵᠡᠭᠦᠢ ᠶᠢᠨ ᠊ᠭ᠍ᠱᠡᠨ ᠳᠤ

ᠦᠨᠦᠳᠤᠷ ᠮᠦᠨ ᠨᠢᠭᠡᠨ ᠠᠳᠠᠯᠢ

ᠦᠴᠦᠭᠡᠳᠦᠷ ᠭᠦᠰᠡᠭ᠍ᠰᠡᠨ ᠪᠣᠷᠤᠭᠠᠨ ᠰᠠᠨᠠᠭᠳᠠᠨ᠎ᠠ

ᠥᠡᠳᠦᠷᠯᠢᠭ᠌ ᠤᠨ ᠪᠦᠷᠢᠶᠡᠰᠤ ᠲᠦᠰᠢᠵᠤ

ᠦᠷᠦᠪᠴᠢᠭᠡᠨ ᠪᠣᠳᠤᠯ ᠳᠤ ᠠᠪᠳᠤᠵᠤ

ᠦᠴᠦᠭᠡᠨ ᠵᠡᠭᠦᠷᠮᠡᠭᠯᠡᠭᠦ ᠳ᠋ᠤ

ᠥ ᠦᠭᠡᠶ ᠬᠤᠷᠤᠮ ᠢ ᠡᠪᠳᠡᠵᠤ

ᠦᠯᠮᠠᠢ ᠳᠤᠤᠷ᠎ᠠ ᠡᠴᠡ ᠭᠢᠯᠭᠠᠰᠤᠨ ᠳᠡᠭᠡᠰᠤ ᠬᠠᠴᠠᠷ ᠠᠪᠣᠨ᠎ᠠ

ᠵᠤᠨ ᠤ ᠪᠣᠷᠤᠭᠠᠨ ᠣᠵᠤᠭᠤᠷ ᠪᠢᠯᠠ

ᠵᠤᠪᠠᠯ ᠢ ᠰᠠᠨᠠᠭᠳᠠᠭᠤᠯᠤᠭᠰᠠᠨ ᠴᠤ

ᠵᠤᠯ ᠦᠭᠡᠶ ᠳᠡᠦᠭᠡ ᠶᠢᠨ ᠬᠤᠷᠢᠮ ᠳ᠋ᠤ

ᠵᠢᠷᠤᠭ᠎ᠠ ᠮᠤᠷᠢ ᠲᠡᠶ ᠪᠠᠨ ᠭᠦᠷᠴᠤ

ᠵᠤᠯᠢᠵᠤ ᠪᠢ ᠳᠠᠲ᠋ᠠᠷ ᠢᠷᠭᠡᠨ ᠤ ᠳᠤ ᠪᠠᠭᠤᠬᠤ ᠶᠤᠮ

ᠬᠤᠭᠤᠯᠠᠢ ᠮᠠᠳᠠᠨ ᠰᠨᠠᠭ᠎ᠠ ᠠᠯᠳᠠᠵᠤ

ᠬᠤᠪᠢᠯᠠᠢ ᠮᠡᠷᠭᠡᠨ ᠲᠡᠶ ᠴᠤ ᠡᠰᠡ ᠠᠭᠤᠯᠵᠠᠯᠤᠭ᠎ᠠ

ᠬᠤᠴᠤᠷᠬᠤ ᠡᠷᠡᠨ ᠢ ᠪᠠᠷᠠᠯᠠᠵᠤ

ᠬᠤᠨᠤᠭ ᠤᠨ ᠵᠠᠢ ᠶᠢ ᠬᠠᠶᠠᠯᠤᠭ᠎ᠠ

ᠬᠤᠩᠭᠢᠷᠠᠤᠨ ᠤᠨ ᠰᠠᠷᠠᠨ ᠬᠠᠪᠢᠷᠭᠠᠯᠠᠵᠤ

ᠬᠤᠯᠠ ᠶᠢᠨ ᠳᠡᠭ᠍ᠷᠢ ᠬᠠᠷᠠᠩᠭ᠋ᠣᠢ᠌ᠯᠠᠨ᠎ᠠ

ᠳᠤᠬᠤᠮ ᠤᠨ ᠢᠰᠡᠭᠡᠢ ᠴᠤᠭᠤᠷᠤᠳᠠᠯ᠎ᠠ

ᠳᠤᠮᠤ ᠳᠤᠮᠤ ᠦᠷᠳᠡᠭᠡ ᠳᠠᠮᠵᠢᠵᠤ

ᠳᠤᠪᠭᠢᠵᠤ ᠣᠳᠤᠭᠰᠠᠨ ᠮᠤᠷᠢ ᠲᠡᠶ ᠭᠦᠮᠤᠨ

ᠳᠤᠭᠤᠠᠳᠠᠮᠤᠷ ᠤᠨ ᠪᠠᠭᠤᠬᠤ ᠳ᠋ᠤ

ᠳᠤᠭᠤᠨᠤ ᠳᠤᠭᠤᠭ᠎ᠠ ᠨᠢ ᠥᠩᠭᠦᠷᠢᠭ᠍ᠰᠡᠨ ᠪᠠᠷᠰ ᠬᠤᠳᠠ

ᠳᠤᠭᠤᠷᠭ᠎ᠠ ᠪᠦᠷᠢᠶᠡᠰᠤ ᠴᠤ ᠦᠭᠡᠶ ᠪᠠᠢ᠌ᠪᠠᠢ


ᠭᠠᠢ᠌ᠬᠠᠰᠢ ᠠᠯᠳᠠᠨ ᠮᠤᠷᠳᠠᠵᠤ

ᠭᠠᠭᠴᠠ ᠳᠠᠰᠢᠭᠤᠷᠳᠠᠪᠠᠯ

ᠭᠠᠯᠳᠠᠨ ᠪᠣᠱᠤᠭᠳᠤ ᠶᠢᠨ ᠳᠤ ᠪᠠᠭᠤᠪᠠ

ᠭᠠᠵᠠᠷ ᠰᠢᠷᠤᠢ ᠭᠡᠵᠤ

ᠭᠠᠯᠪᠠ ᠳᠡᠯᠡᠭᠡᠢ ᠣᠶᠠᠷᠠᠳᠠᠯ᠎ᠠ ᠳᠠᠮᠠᠴᠠᠨ᠎ᠡ

ᠭᠠᠷ ᠤᠨ ᠠᠷᠪᠠᠨ ᠬᠤᠷᠤᠭᠠᠨ ᠳᠡᠭᠡᠷ᠎ᠡ

ᠭᠠᠷᠴᠤ ᠢᠷᠡᠭᠡᠳ ᠠᠶᠠᠯᠠᠬᠤ ᠠᠳᠠᠯᠢ

ᠭᠠᠳᠠ ᠮᠠᠢ᠌ᠷᠠᠨ ᠴᠤ ᠪᠠᠢ᠌ᠭᠰᠠᠨ ᠰᠠᠨᠠᠭᠳᠠᠨ᠎ᠠ


ᠬᠠᠭᠠᠴᠠᠯᠳᠤ ᠳᠤᠤᠯᠢ ᠶᠢ ᠬᠠᠢ᠌ᠯᠬᠤ ᠣᠷᠮ᠎ᠠ ᠥᠭᠡᠢ

ᠬᠠᠷᠠᠴᠤ ᠶᠢᠨ ᠭᠦᠤ ᠶᠢᠨ ᠨᠢᠯᠪᠣᠰᠤ ᠳᠤᠳᠤᠭᠰᠢ

ᠬᠠᠰ ᠴᠤ ᠬᠠᠭᠠᠷᠠᠭᠰᠠᠨ ᠣᠨ ᠵᠢᠯ ᠳᠤ

ᠬᠠᠳᠬᠤᠭᠰᠠᠨ ᠵᠡᠭᠦᠤ ᠶᠢᠨ ᠥᠵᠦᠭᠦᠷ ᠭᠦᠨ

ᠬᠠᠷᠢᠵᠤ ᠢᠷᠡᠭᠡᠳ ᠰᠠᠷᠢᠵᠤ ᠪᠣᠳᠤᠪᠠᠯ

ᠬᠠᠷᠠᠯᠠᠭ ᠭᠤᠤᠯᠳᠠᠢ ᠥᠭᠡᠷ ᠤᠳ

ᠬᠠᠮᠤᠭ ᠮᠤᠩᠭ᠋ᠤᠯ ᠤᠨ ᠥᠡᠳᠦᠷᠯᠢᠭ᠌ ᠲᠡᠭᠡᠨ ᠳᠤᠭᠢᠮᠵᠢᠳᠠᠢ

ᠬᠠᠩᠰᠢ ᠡᠴᠡ ᠨᠠᠭᠠᠰᠢ ᠪᠣᠷᠤᠭᠠᠨ ᠰᠠᠢ᠌ᠨ ᠪᠣᠯ

ᠬᠠᠨᠠᠭᠠᠷ ᠳᠠᠯ᠎ᠠ ᠮᠢᠨᠢ ᠭᠡᠵᠢᠶᠡᠳᠡ ᠰᠢᠮᠡᠯᠢᠭ᠌

ᠬᠠᠠᠳᠤᠭᠰᠠᠨ ᠵᠥᠭ᠌ ᠳᠡᠭᠡᠨ

ᠬᠠᠷᠪᠣᠭᠰᠠᠨ ᠰᠤᠮᠤ ᠰᠢᠭ

ᠬᠠᠷᠠᠴᠠ ᠨᠢᠭᠡᠳᠡᠢ ᠶᠠᠪᠣᠪᠠᠯ ᠪᠢᠳᠠ

ᠬᠠᠷᠠᠵᠠᠨ ᠤ ᠣᠰᠤ ᠰᠢᠭ ᠰᠢᠷᠭᠢᠰᠢ ᠥᠭᠡᠢ


ᠪᠣᠳᠤᠯ ᠳᠤ ᠢᠩᠭᠢᠵᠤ ᠪᠣᠷᠤᠭᠠᠨ ᠰᠢᠪᠠᠷᠠᠨ᠎ᠡ

ᠪᠣᠷᠤᠭᠠᠨ ᠦᠭᠡᠶ ᠵᠢᠯ ᠢᠩᠭᠢᠵᠤ ᠵᠡᠭᠦᠳᠦᠯᠡᠨ᠎ᠡ

ᠪᠣᠷᠬᠠᠤᠨ ᠤᠨ ᠮᠠᠨᠢ ᠶᠢ ᠰᠡᠮᠭᠡᠨ ᠳᠤᠭᠠᠯᠠᠵᠤ

ᠪᠣᠷᠤ ᠵᠢᠷᠦᠭᠡᠨ ᠤ ᠠᠩ ᠢ ᠢᠯᠪᠢᠨ᠎ᠡ

ᠪᠣᠳᠤᠭᠤ ᠰᠢᠭ ᠪᠠᠶ᠎ᠠ ᠪᠠᠨ ᠪᠢ ᠥᠮᠦᠭᠡᠷᠡᠨ᠎ᠡ


ᠵᠤᠬᠢᠶᠠᠭᠴᠢ ᠶᠢᠨ ᠬᠠ‍‌ᠶᠢᠭ ᠄ ᠭᠡᠰᠢᠭ᠍ᠳᠡᠨ ᠬᠤᠰᠢᠭᠤᠨ ᠤ ᠪᠠᠶᠠᠠᠴᠠᠭᠠᠨ ᠰᠤᠮᠤ  ᠠᠯᠳᠠᠠᠳᠠᠯᠠᠢ

ᠵᠤᠬᠢᠶᠠᠭᠴᠢ᠄ ᠬᠠᠷᠴᠠᠭᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ