ᠨᠡᠪᠲᠡᠷᠡᠨ ᠤᠷᠤᠬᠤ
ᠳᠠᠯᠠᠢ ᠳᠠᠯ᠎ᠠ

ᠡᠵᠡᠨ᠎ᠡ ᠶᠢᠨ ᠡᠯᠡᠰᠤᠨ ᠭᠤᠪᠢ ᠳ᠋ᠤ

ᠢᠩᠭᠡ ᠶᠢᠨ ᠪᠣᠢ᠌ᠯᠠᠭᠠᠨ ᠱᠠᠭᠢᠭᠤᠯᠵᠤ ᠪᠠᠢ᠌ᠨ᠎ᠠ

ᠡᠨᠡᠷᠢᠯ ᠦᠭᠡᠶ ᠠᠶᠤᠯ ᠦᠭᠡᠶ ᠳᠠᠷᠢ

ᠡᠷᠳᠡᠨᠢᠳᠤ ᠳᠤᠤᠷᠠᠢ ᠶᠢ ᠬᠣᠢ᠌ᠬᠠᠯᠠᠵᠤ ᠪᠠᠢ᠌ᠨ᠎ᠠ᠂

ᠳᠠᠮᠴᠢ ᠶᠢᠨ ᠳᠠᠯ᠎ᠠ ᠳᠤ ᠳᠣᠢ᠌ᠮᠠᠷᠯᠠᠵᠤ ᠪᠠᠢ᠌ᠨ᠎ᠠ

ᠳᠠᠪᠠᠭ᠎ᠠ ᠰᠢᠯᠢ ᠨᠢ ᠰᠢᠳᠠᠵᠤ ᠬᠤᠷᠡᠨ᠎ᠡ

ᠰᠢᠨᠡᠭᠡᠨ ᠬᠤᠯᠠᠩ ᠨᠢ ᠪᠣᠰᠴᠤ ᠯᠠ ᠪᠠᠢ᠌ᠨ᠎ᠠ

ᠰᠢᠷ᠎ᠠ ᠡᠭᠦᠯᠡ ᠨᠢ ᠭᠦ ᠪᠠᠷ ᠪᠣᠷᠤᠭᠠᠯᠠᠨ᠎ᠠ᠂

ᠬᠤᠷᠴᠢᠨ ᠤ ᠳᠠᠯ᠎ᠠ ᠭᠦᠷᠭᠢᠷᠡᠵᠤ ᠪᠠᠢ᠌ᠨ᠎ᠠ

ᠭᠦᠷᠦᠰᠤ ᠣᠰᠤ ᠨᠢ ᠳᠤᠯᠭᠢᠶᠠᠯᠠᠵᠤ ᠪᠠᠢ᠌ᠨ᠎ᠠ

ᠬᠠᠰᠠᠷ ᠤᠨ ᠰᠤᠮᠤ ᠱᠤᠤᠭᠢᠵᠤ ᠪᠠᠢ᠌ᠨ᠎ᠠ

ᠬᠠᠯᠢᠮᠤ ᠵᠢᠭᠠᠰᠤ ᠠᠩᠨᠠᠭᠳᠠᠮᠠᠷ ᠪᠠᠢ᠌ᠨ᠎ᠠ

ᠪᠠᠶᠠᠨ ᠪᠠᠷᠭᠤ ᠶᠢᠨ ᠪᠠᠷ᠎ᠠ

ᠪᠠᠯᠠᠷᠠᠵᠤ ᠳᠤᠳᠤᠬᠠᠨ ᠬᠤᠳᠣᠢ᠌ᠵᠤ ᠪᠠᠢ᠌ᠨ᠎ᠠ

ᠪᠠᠢ᠌ᠭᠠᠯᠢ ᠶᠢᠨ ᠡᠡᠮᠢᠳᠡᠨ ᠭᠦᠷᠦᠭᠡᠰᠤ

ᠪᠦᠯᠦᠭ᠌ ᠠᠢ᠌ᠮᠠᠭ ᠶᠢᠡᠷ ᠶᠢᠡᠨ ᠬᠠᠯᠢᠵᠤ ᠪᠠᠢ᠌ᠨ᠎ᠠ᠃

ᠨᠢ᠋ᠮᠠᠨ ᠮᠢᠩᠭ᠋ᠠᠨ ᠤ ᠡᠡᠭ᠌ ᠲᠡᠶ ᠳᠤᠷᠭ᠎ᠠ

ᠨᠢᠯᠪᠣᠰᠤᠨ ᠳᠠᠯᠠᠢ ᠳᠤ ᠵᠢᠪᠪᠣᠵᠤ ᠰᠠᠮᠠᠷᠠᠨ᠎ᠠ

ᠨᠢᠭᠦᠯ ᠶᠡᠭᠡᠳᠡᠢ ᠳᠠᠮᠤᠷ ᠬᠤᠰᠢᠭᠤᠳᠠᠤᠨ

ᠨᠢᠴᠦᠭᠦᠯᠡᠵᠤ ᠢᠷᠡᠭᠡᠳ ᠵᠠᠢ᠌ᠷ ᠱᠥᠭᠦᠨ᠎ᠡ᠃

ᠳᠡᠭ᠍ᠷᠢ ᠳᠠᠯ᠎ᠠ

ᠳᠠᠯᠠᠢ ᠳᠠᠯ᠎ᠠ ᠪᠣᠯᠪᠠ

ᠳᠤᠭᠤᠷᠭ᠎ᠠ ᠲᠦᠮᠡᠠᠳᠠᠨ

ᠳᠤᠭᠤᠰᠤᠨ ᠳᠤ ᠴᠠᠴᠠᠪᠠ᠃


20090518

ᠵᠤᠬᠢᠶᠠᠭᠴᠢ᠄ ᠭᠦᠭᠡ‍ᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2009 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ