ᠨᠡᠪᠲᠡᠷᠡᠨ ᠤᠷᠤᠬᠤ
ᠳᠡᠷᠭᠡᠯ
(ᠬᠡᠦᠬᠡᠳ ᠤᠨ ᠰᠢᠯᠦᠭ᠌)

ᠭᠦᠭᠡ ᠳᠡᠭ᠍ᠷᠢ ᠶᠢᠨ ᠨᠠᠷᠠᠨ ᠤ ᠴᠢᠷᠠᠢ ᠨᠢ ᠳᠡᠷᠭᠡᠯ

ᠭᠦᠳᠡᠭᠡ ᠳᠠᠯ᠎ᠠ ᠶᠢᠨ ᠮᠢᠨᠢ ᠠᠳᠤᠭᠤᠨ ᠤ ᠮᠠᠯᠮᠠᠢ ᠨᠢ ᠳᠡᠷᠭᠡᠯ

ᠭᠦᠭᠡᠷᠭᠦ ᠢᠰᠢᠭᠡ ᠶᠢᠨ ᠮᠢᠨᠢ ᠮᠠᠢ᠌ᠯᠠᠭᠠᠨ ᠨᠢ ᠳᠡᠷᠭᠡᠯ

ᠦᠳᠡᠰᠢ ᠶᠢᠨ ᠰᠠᠷᠠᠨ ᠤ ᠭᠦᠰᠡᠯ ᠨᠢ ᠳᠡᠷᠭᠡᠯ


ᠦᠷᠳᠡᠯᠵᠡᠭᠦ ᠣᠳᠤᠨ ᠤ ᠭᠡᠷᠡᠯ ᠨᠢ ᠳᠡᠷᠭᠡᠯ

ᠦᠷᠦᠪᠴᠢ ᠡᠵᠢ ᠶᠢᠨ ᠮᠦᠰᠢᠶᠠᠯ ᠨᠢ ᠳᠡᠷᠭᠡᠯ

ᠳᠤᠭᠤᠷᠭᠠᠳᠤ ᠭᠡᠷ ᠤᠨ ᠮᠢᠨᠢ ᠳᠤᠭᠤᠨᠤ ᠨᠢ ᠳᠡᠷᠭᠡᠯ

ᠨᠤᠳᠤᠭ ᠤᠨ ᠣᠰᠤᠨ ᠤ ᠮᠨᠢ ᠳᠤᠰᠤᠯ ᠨᠢ ᠳᠡᠷᠭᠡᠯ


ᠳᠤᠯᠭ᠎ᠠ ᠶᠢᠨ ᠭᠠᠯ ᠤᠨ ᠮᠢᠨᠢ ᠰᠤᠷ ᠨᠢ ᠳᠡᠷᠭᠡᠯ

ᠥᠭᠡᠷ ᠤᠨ ᠮᠦᠷ ᠤᠨ ᠣᠷᠤᠮ ᠨᠢ ᠳᠡᠷᠭᠡᠯ

ᠦᠨᠳᠦᠷ ᠠᠭᠤᠯᠠᠨ ᠤ ᠪᠠᠷ᠎ᠠ ᠨᠢ ᠳᠡᠷᠭᠡᠯ

ᠦᠰᠦᠭ᠌ ᠪᠢᠴᠢᠭ᠌ ᠤᠨ ᠰᠢᠮ᠎ᠠ ᠨᠢ ᠳᠡᠷᠭᠡᠯ


ᠳᠡᠯᠡᠭᠡᠢ ᠡᠵᠢ ᠶᠢᠨ ᠪᠠᠶ᠎ᠠ ᠨᠢ ᠳᠡᠷᠭᠡᠯ

ᠳᠡᠭ᠍ᠳᠡᠭᠡᠭᠡᠢ ᠶᠢᠨ ᠵᠢᠷᠭᠢᠶᠠᠨ ᠨᠢ ᠳᠡᠷᠭᠡᠯ

ᠳᠠᠪᠠᠯ ᠤᠨ ᠮᠢᠨᠢ ᠳᠤᠪᠴᠢ ᠨᠢ ᠳᠡᠷᠭᠡᠯ

ᠳᠡᠷᠭᠡᠨ ᠭᠦᠷᠳᠤᠨ ᠤ ᠠᠯᠤᠬ᠎ᠠ ᠮᠥᠭᠡᠷ ᠨᠢ ᠳᠡᠷᠭᠡᠯ


ᠣᠷᠭ᠎ᠠ ᠶᠢᠨ ᠰᠤᠷ ᠤᠨ ᠨᠠᠭᠢᠯᠵᠠᠭᠠᠨ ᠨᠢ ᠳᠡᠷᠭᠡᠯ

ᠣᠠᠳᠤᠷᠬᠤ ᠪᠣᠯᠠᠭ ᠤᠨ ᠭᠤᠷᠴᠢᠭᠢᠨᠠᠭᠠᠨ ᠨᠢ ᠳᠡᠷᠭᠡᠯ

ᠰᠠᠢ᠌ᠷᠭᠠᠯ ᠳᠠᠩ ᠤᠨ ᠴᠢᠯᠠᠭᠤ ᠨᠢ ᠳᠡᠷᠭᠡᠯ

ᠰᠠᠪᠰᠠᠬᠤ ᠴᠠᠰᠤᠨ ᠤ ᠳᠠᠯᠪᠢ ᠨᠢ ᠳᠡᠷᠭᠡᠯ


ᠰᠠᠩᠬᠤᠯᠠᠬᠤ ᠴᠡᠴᠡᠭ᠌ ᠤᠨ ᠭᠡᠯᠳᠡᠰ ᠨᠢ ᠳᠡᠷᠭᠡᠯ

ᠪᠣᠮᠪᠣᠭᠤᠷ ᠴᠢᠷᠠᠢ᠌ᠳᠤ ᠬᠡᠦᠬᠡᠳ ᠤᠨ ᠬᠠᠴᠠᠷ ᠨᠢ ᠳᠡᠷᠭᠡᠯ

ᠪᠣᠷᠭᠠᠰᠤᠨ ᠮᠤᠳᠤᠨ ᠤ ᠡᠰᠢ ᠦᠨᠳᠦᠰᠦ ᠨᠢ ᠳᠡᠷᠭᠡᠯ

ᠪᠣᠮᠪᠣᠷ ᠪᠣᠮᠪᠣᠷ ᠶᠠᠪᠣᠬᠤ ᠴᠠᠭ ᠤᠨ ᠡᠷᠭᠢᠯᠳᠡ ᠨᠢ ᠳᠡᠷᠭᠡᠯ


ᠳᠡᠷᠭᠡᠯ ᠭᠡᠵᠤ ᠰᠠᠢ᠌ᠬᠠᠨ ᠤ ᠳᠡᠭᠡᠳᠤ ᠨᠢ ᠪᠢᠯᠠ

ᠳᠡᠷᠭᠡᠯ ᠭᠡᠵᠤ ᠦᠨᠡᠨ ᠤ ᠰᠠᠢ᠌ᠨ ᠨᠢ ᠪᠢᠯᠠ

ᠳᠡᠷᠭᠡᠯ ᠭᠡᠵᠤ ᠥᠡᠳᠦᠷᠯᠢᠭ᠌ ᠤᠨ ᠰᠠᠯᠭᠢᠨ ᠪᠢᠯᠠ ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 11646
ᠴᠠᠭ᠄ 2014 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ