ᠨᠡᠪᠲᠡᠷᠡᠨ ᠤᠷᠤᠬᠤ
ᠮᠤᠩᠭ᠋ᠤᠯᠴᠤᠳ ᠤᠨ ᠣᠯᠠᠮᠵᠢᠯᠠᠯᠳᠤ ᠰᠤᠶᠤᠯ ᠳ᠋ᠠᠭᠢ ᠭᠡᠢ ᠮᠤᠷᠢ᠂ ᠴᠤᠭ ᠰᠦᠯᠳᠡ ᠶᠢᠨ ᠳᠤᠬᠠᠢ

ᠭᠦᠮᠤᠨ ᠤ ᠨᠢᠭᠤᠷ ᠴᠢᠷᠠᠢ᠂ ᠢᠯᠠᠩᠭ᠋ᠤᠶ᠎ᠠ ᠭᠦᠮᠤᠨ ᠤ ᠬᠤᠶᠠᠷ ᠨᠢᠳᠤᠨ ᠤ ᠬᠠᠷᠠᠴᠠ ᠳᠤ ᠭᠦᠮᠤᠨ ᠤ ᠳᠤᠳᠤᠭᠠᠳᠤ ᠰᠡᠳᠬᠢᠯᠭᠡ ᠮᠠᠰᠢ ᠳᠤᠳᠤᠷᠬᠠᠢ ᠢᠯᠡᠷᠡᠳᠡᠭ᠌ ᠭᠡᠵᠤ ᠮᠤᠩᠭ᠋ᠤᠯᠴᠤᠳ ᠭᠡᠯᠡᠳᠡᠭ᠌᠃ ᠶᠡᠭᠡ ᠶᠢ ᠮᠠᠳᠠᠵᠤ᠂ ᠬᠤᠯᠠ ᠶᠢ ᠬᠠᠷᠠᠭᠰᠠᠨ ᠭᠦᠮᠤᠨ ᠤ ᠪᠠᠶ᠎ᠠ ᠰᠡᠳᠭᠢᠯ ᠶᠠᠷᠤ ᠳᠤ ᠪᠠᠨ ᠡᠷᠡᠭᠦᠯ ᠡᠩᠭᠡ ᠪᠠᠢ᠌ᠳᠠᠭ ᠪᠣᠯᠬᠤᠷ ᠲᠦᠪ ᠶᠡᠭᠡᠮᠰᠦᠭ᠌ ᠮᠥᠷᠳᠡᠭᠡᠨ ᠵᠥᠭᠡᠯᠡᠨ ᠳᠤᠯᠠᠭᠠᠨ ᠪᠠᠢ᠌ᠳᠠᠯ ᠨᠢᠭᠤᠷ ᠨᠢᠳᠤᠨ ᠳᠤ ᠨᠢ ᠢᠯᠠᠷᠠᠨ᠎ᠠ᠃ ᠮᠠᠯᠴᠢᠨ ᠮᠤᠩᠭ᠋ᠤᠯᠴᠤᠳ ᠭᠦᠮᠤᠨ ᠲᠡᠶ ᠣᠴᠠᠷᠠᠬᠤ ᠪᠦᠷᠢ ᠴᠢᠷᠠᠢ ᠨᠢᠭᠤᠷ ᠢ ᠨᠢ ᠡᠩ ᠳᠡᠷᠢᠭᠦᠨ ᠳᠤ ᠠᠵᠢᠭᠯᠠᠨ ᠬᠠᠷᠠᠳᠠᠭ ᠵᠠᠩᠰᠢᠯ ᠲᠡᠶ᠃ ᠠᠩᠬ᠎ᠠ ᠠᠭᠤᠯᠵᠠᠵᠤ ᠪᠠᠢ᠌ᠭ᠎ᠠ ᠭᠦᠮᠤᠨ ᠴᠤ ᠳᠠᠷᠠ᠂ ᠢᠵᠢᠯᠢ ᠳᠠᠰᠤᠯ ᠭᠦᠮᠦᠰ ᠴᠤ ᠳᠠᠷᠠ ᠤᠷᠢᠳ ᠶᠢᠡᠷ ᠨᠢᠭᠤᠷ ᠢ ᠨᠢ ᠠᠵᠢᠨ ᠨᠢᠳᠤ ᠲᠡᠶ ᠨᠢ ᠮᠡᠡᠳᠦᠯᠡᠳᠡᠭ᠌ ᠶᠤᠰᠤ ᠲᠡᠶ᠃ ᠣᠴᠢᠷ ᠨᠢ ᠭᠦᠮᠤᠨ ᠤ ᠳᠤᠳᠤᠭᠠᠳᠤ ᠰᠡᠳᠭᠢᠯ ᠨᠢ ᠨᠢᠭᠤᠷ ᠴᠢᠷᠠᠢ᠂ ᠨᠢᠳᠤᠨ ᠬᠠᠷᠠᠴᠠ ᠳᠤ ᠨᠢ ᠳᠤᠷᠠᠢ᠌ᠨ ᠢᠯᠠᠷᠠᠨ᠎ᠠ ᠭᠡᠳᠡᠭ᠌᠃ ᠭᠤᠨᠢᠭ ᠭᠤᠳᠤᠷᠠᠯ ᠪᠣᠶᠤ ᠪᠠᠶᠠᠷ ᠪᠠᠶᠠᠰᠤᠯ᠂ ᠭᠤᠮᠤᠳᠠᠯ ᠭᠢᠯᠢᠩ ᠪᠣᠶᠤ ᠪᠠᠶᠠᠷ ᠳᠠᠯᠠᠷᠬᠠᠯ ᠤᠨ ᠰᠡᠳᠬᠢᠯᠭᠡ ᠪᠠᠨ ᠭᠦᠮᠦᠰ ᠥᠭᠡ ᠶᠠᠷᠢᠶ᠎ᠠ᠂ ᠣᠢ᠌ᠯᠠ ᠭᠦᠳᠡᠯᠦᠯ ᠳᠤ ᠪᠠᠨ ᠰᠢᠭᠤᠳ ᠢᠯᠡᠷᠡᠭᠦᠯᠭᠦ ᠦᠭᠡᠶ ᠴᠤ ᠭᠡᠰᠡᠨ᠂ ᠨᠢᠳᠤᠨ ᠬᠠᠷᠠᠴᠠ ᠡᠴᠡ ᠨᠢ ᠪᠠᠷᠤᠭᠯᠠᠨ ᠣᠢ᠌ᠯᠠᠭᠠᠳᠠᠭ᠃ ᠪᠠᠶ᠎ᠠ ᠰᠡᠳᠭᠢᠯ ᠡᠷᠡᠭᠦᠯ ᠰᠠᠷᠠᠭᠤᠯ ᠭᠦᠮᠤᠨ᠂ ᠳᠤᠳᠤᠭᠠᠳᠤ ᠰᠡᠳᠭᠢᠯ ᠶᠢᠡᠨ ᠭᠡᠵᠢᠶ᠎ᠡ᠂ ᠬᠠᠮᠢᠭ᠎ᠠ᠂ ᠭᠡᠨ ᠡᠴᠡ ᠴᠤ ᠨᠢᠭᠤᠨ ᠳᠠᠯᠳᠠᠯᠠᠯ ᠦᠭᠡᠶ ᠶᠠᠪᠣᠳᠠᠭ ᠪᠦᠭᠡᠤᠨ ᠴᠠᠭ ᠢᠮᠠᠭᠳᠠ ᠴᠡᠭᠡᠵᠢ ᠳᠦᠭᠦᠷᠡᠩ ᠪᠠᠶᠠᠰᠤᠯ ᠲᠡᠶ ᠪᠣᠯᠬᠤᠷ ᠨᠢᠭᠤᠷ ᠲᠤ ᠪᠠᠨ ᠭᠠᠯ ᠲᠡᠶ᠂ ᠨᠢᠳᠤᠨ ᠳᠤ ᠪᠠᠨ ᠴᠤᠭ ᠲᠡᠶ ᠪᠠᠢ᠌ᠳᠠᠭ᠃ ᠶᠠᠮᠠᠷ ᠨᠢᠭᠡᠨ ᠶᠠᠷᠰᠢᠭ ᠳᠦᠪᠠᠭ᠌ ᠲᠡᠶ ᠣᠴᠢᠷ ᠶᠠᠪᠣᠳᠠᠯ ᠲᠤᠬᠢᠶᠠᠯᠳᠤᠯ᠎ᠠ ᠭᠡᠤᠨ ᠲᠦᠷ ᠴᠠᠭ ᠯᠠ ᠠᠭᠤᠷᠯᠠᠭᠠᠤᠨ ᠥᠩᠭᠡᠷᠡᠴᠢᠭᠡᠳᠡᠭ᠌᠃ ᠡᠢ᠌ᠮᠤ ᠡᠴᠡ ᠰᠡᠳᠭᠢᠯ ᠳᠤ ᠨᠢ ᠬᠤᠭ ᠳᠤᠭᠤᠰᠤ ᠊ᠭ᠍‍ᠬᠢᠷ ᠪᠣᠷᠳᠠᠭ ᠭᠡᠵᠤ ᠪᠠᠷᠤᠭ ᠬᠤᠨᠤᠭᠰᠢᠨ ᠬᠤᠴᠤᠷᠬᠤ ᠦᠭᠡᠶ᠃ ᠡᠢ᠌ᠮᠤ ᠭᠦᠮᠤᠨ ᠢ ᠮᠤᠩᠭ᠋ᠤᠯᠴᠤᠳ 《ᠴᠤᠭ ᠵᠢᠪᠬᠤᠭ᠎ᠠ ᠰᠠᠢ᠌ᠳᠠᠢ》᠂ 《ᠴᠤᠭ ᠵᠠᠯᠢ ᠲᠡᠶ》᠂ 《ᠭᠡᠢ ᠮᠤᠷᠢ ᠳᠡᠭ᠍ᠳᠡᠭ᠍ᠰᠡᠨ》 ᠭᠦᠮᠤᠨ ᠭᠡᠳᠡᠭ᠌᠃ ᠴᠤᠭ ᠵᠢᠪᠬᠤᠭ᠎ᠠ ᠰᠠᠢ᠌ᠳᠠᠢ ᠭᠦᠮᠤᠨ ᠤ ᠴᠡᠭᠡᠵᠢ ᠠᠭᠤᠵᠢᠭᠤ ᠳᠡᠨᠢᠭᠦᠨ ᠪᠦᠭᠡᠤᠨ ᠪᠣᠰᠤᠳ ᠭᠦᠮᠤᠨ ᠳᠤ ᠴᠤ ᠰᠠᠢ᠌ᠨ ᠰᠠᠢ᠌ᠬᠠᠨ ᠨᠥᠯᠦᠭᠡ ᠣᠯᠭᠤᠵᠤ ᠪᠠᠢ᠌ᠳᠠᠭ᠃

ᠮᠤᠩᠭ᠋ᠤᠯᠴᠤᠳ ᠭᠦᠮᠤᠨ ᠤ ᠴᠤᠭ ᠵᠢᠪᠬᠤᠭ᠎ᠠ ᠶᠢ ᠮᠠᠰᠢ ᠡᠷᠭᠢᠮᠯᠡᠨ ᠥᠵᠡᠳᠡᠭ᠌ ᠪᠣᠯᠬᠤᠷ 《ᠵᠢᠰᠤ ᠶᠢ ᠨᠢ ᠦᠵᠡᠪᠠᠯ ᠨᠠᠷ᠎ᠠ ᠶᠢ ᠨᠢ ᠪᠣᠤ ᠠᠰᠠᠭᠤ》 ᠭᠡᠵᠤ ᠭᠡᠯᠡᠳᠡᠭ᠌᠂ ᠨᠢᠭᠡ ᠭᠦᠮᠤᠨ ᠤ ᠪᠠᠶ᠎ᠠ ᠰᠡᠳᠭᠢᠯ ᠤᠨ ᠡᠷᠡᠭᠦᠯ ᠡᠰᠡᠭᠦ᠂ ᠣᠶᠤᠨ ᠣᠬᠠᠭᠠᠨ᠂ ᠴᠢᠳᠠᠯ ᠭᠦᠴᠤ᠂ ᠳᠤᠳᠤᠷ᠎ᠠ ᠳᠠᠮᠢᠷ ᠭᠢᠷᠢ ᠵᠡᠷᠭᠡ ᠪᠣᠯᠬᠤ ᠨᠢ ᠨᠢᠭᠤᠷ ᠴᠢᠷᠠᠢ ᠳᠡᠭᠡᠷ᠎ᠡ ᠨᠢ ᠵᠢᠷᠤᠭᠳᠠᠨ ᠢᠯᠠᠷᠠᠨ᠎ᠠ ᠭᠡᠳᠡᠭ᠌᠃ ᠨᠢᠭᠤᠷ ᠴᠢᠷᠠᠢ ᠶᠢᠨ ᠢᠯᠠᠷᠠᠯ᠂ ᠨᠢᠳᠤᠨ ᠤ ᠬᠠᠷᠠᠴᠠ ᠡᠴᠡ ᠨᠢᠭᠡ ᠭᠦᠮᠤᠨ ᠤ ᠳᠤᠳᠤᠷ᠎ᠠ ᠣᠬᠠᠭᠠᠨ᠂ ᠭᠠᠳᠠᠷ ᠭᠦᠴᠤ ᠶᠢ ᠪᠦᠷᠢᠨ ᠮᠠᠳᠠᠵᠤ ᠴᠢᠳᠠᠨ᠎ᠠ ᠭᠡᠵᠤ ᠭᠡᠯᠡᠳᠡᠭ᠌ ᠶᠤᠮ᠃ ᠡᠢ᠌ᠮᠤ ᠡᠴᠡ 《ᠨᠢᠭᠤᠷ ᠲᠤ ᠪᠠᠨ ᠭᠠᠯ ᠲᠡᠶ᠂ ᠨᠢᠳᠤᠨ ᠳᠤ ᠪᠠᠨ ᠴᠤᠭ ᠲᠡᠶ》 ᠭᠡᠭᠦ ᠥᠭᠡ ᠪᠠᠷ ᠣᠢ ᠪᠢᠯᠢᠭ᠌ ᠴᠠᠴᠠᠨ᠂ ᠪᠢᠷ᠎ᠠ ᠴᠢᠳᠠᠯ ᠶᠡᠭᠡ᠂ ᠪᠠᠶ᠎ᠠ ᠰᠡᠳᠭᠢᠯ ᠡᠷᠡᠭᠦᠯ ᠮᠠᠠᠳᠤ ᠭᠦᠮᠤᠨ ᠢ ᠳᠦᠷᠰᠦᠯᠠᠨ ᠭᠡᠯᠡᠳᠡᠭ᠌᠃

ᠭᠦᠮᠤᠨ ᠤ ᠴᠤᠭ ᠵᠢᠪᠬᠤᠭ᠎ᠠ ᠪᠣᠯ ᠭᠤᠤᠯᠳᠠᠭᠤ ᠰᠡᠳᠭᠢᠯ ᠰᠠᠨᠠᠭ᠎ᠠ ᠳᠠᠢ ᠬᠤᠯᠪᠣᠭᠳᠠᠨ᠎ᠠ᠃ ᠶᠠᠮᠠᠷ ᠨᠢᠭᠡᠨ ᠶᠠᠭᠤᠮ᠎ᠠ ᠡᠴᠡ ᠠᠶᠤᠬᠤ᠂ ᠰᠤᠴᠢᠬᠤ᠂ ᠰᠠᠠᠳᠤᠷᠬᠤ᠂ ᠪᠠᠴᠢᠮᠳᠠᠬᠤ ᠪᠣᠶᠤ ᠡᠰᠡᠭᠦᠯ᠎ᠡ ᠰᠠᠨᠠᠭ᠎ᠠ ᠵᠤᠪᠠᠬᠤ᠂ ᠭᠤᠳᠤᠷᠠᠬᠤ᠂ ᠭᠤᠨᠢᠬᠤ᠂ ᠭᠤᠮᠤᠳᠠᠬᠤ᠂ ᠬᠤᠷᠤᠰᠬᠤ᠂ ᠭᠡᠮᠰᠢᠭᠦ ᠵᠡᠷᠭᠡ ᠶᠠᠷᠤ ᠪᠣᠰᠤ ᠶᠢᠨ ᠰᠡᠳᠭᠢᠯ ᠤᠨ ᠭᠦᠳᠡᠯᠭᠡᠭᠡᠨ ᠣᠶᠤᠨ ᠣᠬᠠᠭᠠᠨ ᠢ ᠡᠵᠡᠮᠳᠡᠭᠦ ᠦᠶ᠎ᠡ ᠳᠤ ᠭᠦᠮᠤᠨ ᠤ ᠴᠤᠭ ᠵᠢᠪᠬᠤᠭ᠎ᠠ ᠭᠡᠪ ᠤᠨ ᠪᠠᠢ᠌ᠳᠠᠯ ᠶᠢᠡᠨ ᠠᠯᠳᠠᠵᠤ᠂ ᠨᠢᠳᠤᠨ ᠤ ᠴᠤᠭ ᠨᠢ ᠳᠤᠷᠣᠢ᠌ᠳᠠᠨ᠂ ᠨᠢᠭᠤᠷ ᠤᠨ ᠭᠠᠯ ᠨᠢ ᠮᠠᠭᠤᠳᠠᠳᠠᠭ᠃ ᠭᠦᠮᠤᠨ ᠤ ᠪᠠᠶ᠎ᠠ ᠪᠠ ᠰᠡᠳᠭᠢᠯ ᠪᠣᠯ ᠡᠷᠡᠰ ᠠᠰᠳᠠᠭᠠᠨ ᠪᠠᠢ᠌ᠳᠠᠭ ᠪᠢᠰᠢ᠂ ᠬᠠᠷᠢᠯᠴᠠᠨ ᠨᠢᠭᠳᠠ ᠬᠤᠯᠪᠣᠭ᠎ᠠ ᠲᠡᠶ ᠶᠤᠮ᠃ ᠪᠠᠶ᠎ᠠ ᠰᠡᠳᠭᠢᠯ ᠤᠨ ᠠᠯᠢ ᠨᠢᠭᠡ ᠨᠢ ᠰᠥᠷᠡᠭᠡᠢ ᠡᠮᠵᠡᠭᠯᠡᠭᠦ ᠳᠤ᠂ ᠨᠥᠭᠦᠭᠡ ᠳᠤ ᠨᠢ ᠴᠤ ᠠᠶᠠᠠᠳᠠᠭᠠᠨ ᠶᠠᠷᠤ ᠪᠣᠰᠤ ᠶᠢᠨ ᠪᠠᠢ᠌ᠳᠠᠯ ᠢᠯᠠᠷᠠᠵᠤ ᠡᠪᠠᠷᠰᠢᠶᠡᠳᠡᠭ᠌᠃

ᠭᠦᠮᠤᠨ ᠤ ᠰᠡᠳᠭᠢᠯ ᠪᠠ ᠴᠤᠭ ᠵᠢᠪᠬᠤᠭ᠎ᠠ ᠪᠣᠯ ᠰᠢᠭᠤᠳ ᠬᠠᠷᠢᠴᠠᠭ᠎ᠠ ᠲᠡᠶ᠂ ᠰᠡᠳᠭᠢᠯ ᠤᠨ ᠪᠠᠶᠠᠷ᠂ ᠭᠤᠨᠢᠭ ᠤᠨ ᠠᠯᠢ ᠨᠢ ᠴᠤ ᠨᠢᠭᠤᠷ ᠴᠢᠷᠠᠢ ᠳᠤ ᠢᠯᠠᠷᠠᠨ ᠴᠤᠭ ᠵᠢᠪᠬᠤᠭ᠎ᠠ ᠪᠠᠷ ᠳᠤᠳᠤᠷᠠᠳᠠᠭ᠃ ᠨᠢᠭᠡ ᠭᠦᠮᠤᠨ ᠤ ᠪᠠᠶ᠎ᠠ ᠮᠠᠬᠠᠪᠣᠤᠨ ᠨᠢ ᠭᠢᠷᠢ ᠵᠡᠷᠭᠡ ᠬᠠᠳᠠᠭᠤ ᠴᠢᠭᠢᠷᠠᠭ ᠪᠠᠢ᠌ᠯ᠎ᠠ ᠭᠡᠤᠨ ᠰᠡᠳᠭᠢᠯ ᠰᠠᠨᠠᠭᠠᠨ ᠳᠤ ᠪᠠᠨ ᠭᠤᠨᠢᠭ ᠵᠤᠪᠠᠯᠠᠩ ᠶᠢᠡᠷ ᠳᠦᠭᠦᠷᠦᠭ᠍ᠰᠡᠨ ᠦᠶ᠎ᠡ ᠳᠤ ᠶᠠᠭᠠᠭᠢᠭᠰᠠᠨ ᠴᠤ ᠴᠤᠭ ᠵᠢᠪᠬᠤᠭ᠎ᠠ ᠲᠡᠶ ᠪᠠᠢ᠌ᠵᠤ ᠴᠢᠳᠠᠬᠤ ᠦᠭᠡᠶ ᠪᠢᠯᠠ᠃ ᠨᠢᠭᠡ ᠭᠦᠮᠤᠨ ᠤ ᠰᠡᠳᠭᠢᠯ ᠤᠨ ᠭᠦᠨ ᠨᠢ ᠡᠷᠡᠭᠦᠯ ᠦᠦ᠂ ᠡᠮᠵᠡᠭ᠌ ᠲᠡᠶ ᠦᠦ ᠭᠡᠳᠡᠭ᠌ ᠢ ᠴᠤᠭ ᠵᠢᠪᠬᠤᠭ᠎ᠠ ᠡᠴᠡ ᠨᠢ ᠪᠦᠷᠢᠨ ᠣᠢ᠌ᠯᠠᠭᠠᠵᠤ ᠪᠣᠯᠤᠨ᠎ᠠ᠃ ᠡᠨᠡ ᠪᠣᠯ ᠮᠤᠩᠭ᠋ᠤᠯᠴᠤᠳ ᠴᠤᠭ ᠵᠢᠪᠬᠤᠭ᠎ᠠ ᠶᠢ ᠡᠷᠭᠢᠮ ᠳᠡᠭᠡᠳᠤ ᠪᠠᠷ ᠭᠦᠡᠳᠦᠦᠡᠭᠡᠨ ᠥᠵᠡᠳᠡᠭ᠌ ᠤᠨ ᠭᠤᠤᠯ ᠰᠢᠯᠳᠠᠭᠠᠨ ᠮᠦᠨ᠃ ᠨᠢᠭᠡ ᠭᠦᠮᠤᠨ ᠴᠤᠭ ᠵᠢᠪᠬᠤᠭ᠎ᠠ ᠰᠠᠢ᠌ᠳᠠᠢ ᠪᠠᠢ᠌ᠬᠤ ᠶᠠᠪᠣᠳᠠᠯ ᠪᠣᠯ ᠰᠡᠳᠭᠢᠯ ᠨᠢ ᠡᠷᠡᠭᠦᠯ ᠡᠩᠭᠡ ᠪᠠᠢ᠌ᠬᠤ ᠶᠢᠨ ᠢᠯᠠᠷᠠᠯ ᠮᠦᠨ᠃ ᠴᠤᠭ ᠵᠢᠪᠬᠤᠭ᠎ᠠ ᠪᠠᠨ ᠬᠠᠮᠠᠭᠠᠯᠠᠬᠤ ᠭᠡᠳᠡᠭ᠌ ᠨᠢ ᠮᠦᠨ ᠴᠤ ᠰᠡᠳᠭᠢᠯ ᠤᠨ ᠡᠷᠡᠭᠦᠯ ᠮᠠᠠᠳᠤ ᠪᠠᠨ ᠬᠠᠮᠠᠭᠠᠯᠠᠬᠤ ᠭᠡᠰᠡᠨ ᠶᠠᠪᠣᠳᠠᠯ ᠶᠤᠮ᠃

ᠭᠦᠮᠤᠨ ᠤ ᠴᠤᠭ ᠵᠢᠪᠬᠤᠭ᠎ᠠ ᠮᠠᠭᠤᠳᠠᠬᠤ ᠳᠤᠳᠤᠮ ᠠᠶᠤᠵᠤ ᠡᠮᠢᠶᠡᠭᠦ ᠣᠯᠠᠰᠢᠷᠠᠨ᠂ ᠰᠤᠴᠢᠬᠤ ᠰᠠᠠᠳᠤᠷᠬᠤ ᠨᠡᠮᠡᠭ᠍ᠳᠡᠨ᠂ ᠶᠠᠯᠢᠮ ᠦᠭᠡᠶ ᠵᠣᠢ᠌ᠯ ᠳᠤ ᠰᠠᠨᠠᠭ᠎ᠠ ᠵᠤᠪᠠᠨ᠂ ᠰᠡᠳᠭᠢᠯ ᠤᠨ ᠳᠠᠷᠴᠢᠯᠭᠠᠯ ᠳᠤ ᠣᠷᠤᠳᠠᠭ᠃ ᠰᠡᠵᠢᠭ᠌ ᠠᠵᠢᠭ ᠨᠢ ᠶᠡᠭᠡᠳᠤᠨ ᠠᠯᠢᠪᠠ ᠣᠴᠢᠷ ᠶᠠᠪᠣᠳᠠᠯ᠂ ᠲᠤᠬᠢᠶᠠᠯᠳᠤᠯ ᠢ ᠶᠠᠭᠤᠨ ᠤ ᠡᠮᠦᠨ᠎ᠡ ᠠᠯᠢ ᠮᠠᠭᠤ ᠳᠠᠯ᠎ᠠ ᠳᠤ ᠨᠢ ᠳᠦᠰᠦᠭᠯᠡᠨ ᠰᠠᠨᠠᠬᠤ ᠪᠣᠯᠳᠠᠭ᠃ ᠰᠡᠳᠭᠢᠯ ᠰᠠᠨᠠᠭᠠᠨ ᠳᠤ ᠨᠢ ᠶᠠᠷᠤ ᠨᠢ ᠰᠠᠢ᠌ᠨ ᠣᠴᠢᠷ ᠪᠠᠷᠤᠭ ᠣᠷᠤᠬᠤ ᠦᠭᠡᠶ ᠪᠣᠯᠳᠠᠭ᠃ ᠰᠡᠵᠢᠭ᠌ ᠶᠡᠭᠡᠳᠭᠦ ᠳᠤᠳᠤᠮ ᠰᠡᠳᠭᠢᠯ ᠤᠨ ᠰᠢᠨᠠᠯᠤᠯ ᠳᠤ ᠣᠨᠠᠵᠤ ᠴᠤᠭ ᠵᠢᠪᠬᠤᠭ᠎ᠠ ᠨᠢ ᠠᠯᠳᠠᠭᠳᠠᠳᠠᠭ᠃ ᠡᠳᠦᠷᠵᠢᠨ ᠰᠦᠨᠢᠵᠢᠨ ᠰᠡᠳᠭᠢᠯ ᠰᠠᠨᠠᠭ᠎ᠠ ᠪᠠᠨ ᠵᠤᠪᠠᠭᠠᠵᠤ ᠭᠠᠰᠠᠯᠭᠠᠬᠤ ᠶᠢᠨ ᠣᠯᠠᠮ ᠡᠴᠡ ᠨᠣᠢ᠌ᠷ ᠬᠤᠭᠤᠯᠠ ᠨᠢ ᠠᠶᠠᠠᠳᠠᠭᠠᠨ ᠬᠠᠰᠤᠭᠳᠠᠵᠤ᠂ ᠳᠠᠮᠢᠷ ᠳᠡᠩᠭᠡᠭᠡ ᠨᠢ ᠮᠠᠭᠤᠵᠢᠷᠠᠨ᠂ ᠡᠭᠦᠨ ᠤ ᠣᠯᠠᠮ ᠡᠴᠡ ᠵᠢᠷᠦᠭᠡᠨ ᠤ ᠠᠵᠢᠯᠯᠠᠭ᠎ᠠ ᠨᠢ ᠭᠡᠪ ᠤᠨ ᠪᠠᠢ᠌ᠳᠠᠯ ᠶᠢᠡᠨ ᠠᠯᠳᠠᠵᠤ᠂ ᠬᠤᠳᠤᠭᠤᠳᠤᠨ ᠤ ᠰᠢᠩᠭᠡᠭᠡᠯᠳᠡ ᠨᠢ ᠮᠠᠭᠤᠳᠠᠵᠤ ᠢᠷᠡᠳᠡᠭ᠌᠃ ᠡᠢ᠌ᠮᠤ ᠡᠴᠡ ᠮᠤᠩᠭ᠋ᠤᠯᠴᠤᠳ 《ᠰᠡᠵᠢᠭ᠌ ᠶᠢᠡᠷ ᠡᠪᠠᠦᠡᠴᠢᠯᠡᠵᠤ᠂ ᠰᠥᠵᠢᠭ᠌ ᠶᠢᠡᠷ ᠡᠳᠡᠭᠡᠨ᠎ᠡ》 ᠭᠡᠵᠤ ᠭᠡᠯᠡᠳᠡᠭ᠌᠃

ᠭᠦᠮᠤᠨ ᠤ ᠴᠤᠭ ᠵᠢᠪᠬᠤᠭ᠎ᠠ ᠭᠡᠵᠢᠶᠡᠳᠡ ᠴᠤᠭ ᠪᠠᠳᠠᠷᠠᠭᠤᠢ ᠪᠠᠢ᠌ᠬᠤ ᠶᠠᠪᠣᠳᠠᠯ ᠪᠣᠯ ᠡᠷᠡᠭᠦᠯ ᠮᠠᠠᠳᠤ ᠶᠢᠨ ᠪᠠᠳᠤᠯᠠᠭ᠎ᠠ ᠮᠦᠨ ᠭᠡᠵᠤ ᠮᠤᠩᠭ᠋ᠤᠯᠴᠤᠳ ᠥᠵᠡᠳᠡᠭ᠌᠃ ᠭᠡᠵᠢᠶ᠎ᠡ ᠬᠠᠮᠢᠭ᠎ᠠ ᠴᠤ ᠰᠡᠳᠭᠢᠯ ᠳᠡᠨᠢᠭᠦᠨ ᠪᠠᠶ᠎ᠠ ᠠᠮᠤᠭᠤᠯᠠᠩ ᠪᠠᠢ᠌ᠮᠠᠠᠵᠢᠨ ᠰᠠ‍‌ᠶᠢ ᠣᠬᠠᠭᠠᠨ ᠪᠢᠯᠢᠭ᠌ ᠨᠡᠭᠡᠭᠡᠭ᠍ᠳᠡᠨ᠂ ᠭᠦᠴᠤ ᠴᠢᠳᠠᠯ ᠡᠷᠴᠢᠯᠡᠭ᠍ᠳᠡᠨ ᠶᠠᠪᠣᠳᠠᠯ ᠣᠴᠢᠷ ᠢ ᠵᠦᠪ ᠶᠢᠡᠷ ᠴᠠᠭ ᠳᠠᠷᠤᠢ ᠳᠤ ᠨᠢ ᠰᠢ᠌ᠦᠡᠪᠦᠷᠢᠯᠡᠭᠦ ᠪᠣᠯᠤᠮᠵᠢ ᠲᠡᠶ ᠶᠤᠮ᠃ ᠭᠠᠴᠢᠭᠳᠠᠬᠤ᠂ ᠵᠤᠪᠠᠬᠤ᠂ ᠠᠶᠤᠬᠤ᠂ ᠭᠤᠳᠤᠷᠠᠬᠤ ᠵᠡᠷᠭᠡ ᠨᠢ ᠰᠡᠳᠭᠢᠯ ᠶᠢᠡᠨ ᠳᠠᠷᠴᠢᠯᠭᠠᠬᠤ ᠡᠴᠡ ᠥᠭᠡᠷ᠎ᠡ ᠶᠠᠮᠠᠷ ᠴᠤ ᠳᠤᠰᠠ ᠦᠭᠡᠶ᠃ ᠴᠤᠭ ᠵᠢᠪᠬᠤᠭ᠎ᠠ ᠳᠡᠭᠦᠯᠳᠡᠷ ᠪᠠᠢ᠌ᠪᠠᠯ ᠰᠡᠳᠭᠢᠯ ᠡᠷᠡᠭᠦᠯ ᠰᠠᠷᠠᠭᠤᠯ ᠪᠠᠢ᠌ᠳᠠᠭ᠂ ᠪᠠᠶ᠎ᠠ ᠮᠠᠬᠠᠪᠣᠤᠨ ᠲᠤ ᠡᠪᠠᠳᠴᠢᠨ ᠭᠡᠮ ᠭᠢᠯᠪᠠᠷᠬᠠᠨ ᠡᠭᠦᠰᠭᠦ ᠦᠭᠡᠶ ᠪᠠᠷ ᠦᠯᠦ ᠪᠠᠷᠠᠮ ᠪᠠᠷᠤᠭ ᠭᠢᠮᠤᠷᠠᠭ᠎ᠠ ᠡᠪᠠᠦᠡᠴᠢᠨ ᠳᠤ ᠴᠤ ᠨᠡᠷᠪᠠᠭ᠍ᠳᠡᠳᠡᠭ᠌ ᠦᠭᠡᠶ᠃ ᠭᠦᠮᠤᠨ ᠭᠡᠷᠪᠡ ᠴᠤᠭ ᠵᠢᠪᠬᠤᠭ᠎ᠠ ᠪᠠᠨ ᠠᠯᠳᠠᠬᠤ ᠳᠤ ᠭᠦᠷᠪᠠᠯ ᠪᠠᠶ᠎ᠠ ᠶᠢᠨ ᠡᠷᠡᠭᠦᠯ ᠮᠠᠠᠳᠤ ᠪᠠᠨ ᠠᠯᠳᠠᠬᠤ ᠨᠢ ᠡᠨᠡᠭᠦᠭᠡᠨ ᠤ ᠣᠴᠢᠷ ᠪᠣᠯᠳᠠᠭ᠃ ᠪᠠᠶ᠎ᠠ ᠳᠤ ᠪᠠᠨ ᠢᠳᠡᠭᠡᠯ ᠲᠡᠶ ᠪᠠᠢ᠌ᠮᠠᠠᠵᠢᠨ ᠰᠠ‍‌ᠶᠢ ᠴᠤᠭ ᠵᠢᠪᠬᠤᠭ᠎ᠠ ᠲᠡᠶ ᠪᠠᠢ᠌ᠵᠤ ᠴᠢᠳᠠᠨ᠎ᠠ᠃ ᠡᠪᠠᠦᠡᠴᠢᠨ ᠳᠠᠬᠤᠯ ᠡᠴᠡ ᠠᠶᠤᠬᠤ ᠦᠭᠡᠶ᠂ ᠰᠥᠷᠳᠡᠭᠦ ᠦᠭᠡᠶ᠂ ᠭᠤᠳᠤᠷᠠᠬᠤ ᠦᠭᠡᠶ ᠭᠦᠮᠤᠨ ᠤ ᠪᠠᠶ᠎ᠠ ᠨᠢ ᠡᠪᠠᠦᠡᠴᠢᠳᠡᠢ ᠴᠤ ᠰᠡᠳᠭᠢᠯ ᠨᠢ ᠡᠷᠡᠭᠦᠯ ᠪᠠᠢ᠌ᠳᠠᠭ ᠳᠤᠯᠠ ᠡᠪᠠᠦᠡᠴᠢᠨ ᠭᠢᠵᠢᠭ᠌ ᠢ ᠮᠠᠰᠢ ᠬᠤᠷᠳᠤᠨ᠂ ᠮᠠᠰᠢ ᠭᠢᠯᠪᠠᠷᠬᠠᠨ ᠢᠯᠠᠨ ᠳᠠᠪᠠᠵᠤ ᠴᠢᠳᠠᠳᠠᠭ ᠭᠡᠳᠡᠭ᠌᠃

ᠮᠤᠩᠭᠤᠯᠴᠤᠳ ᠰᠠᠢ᠌ᠬᠠᠨ ᠰᠠᠨᠠᠭ᠎ᠠ ᠶᠢ ᠡᠷᠭᠢᠮᠯᠡᠨ᠎ᠡ᠃ ᠣᠴᠢᠷ ᠶᠠᠪᠣᠳᠠᠯ ᠢ ᠭᠡᠵᠢᠶᠡᠳᠡ ᠰᠠᠢ᠌ᠨ ᠤ ᠳᠠᠢ᠌ᠰᠢ᠂ ᠰᠠᠢ᠌ᠬᠠᠨ ᠤ ᠵᠥᠭ᠌ ᠳᠦᠰᠦᠭᠡᠯᠡᠵᠤ ᠪᠣᠳᠤᠨ᠎ᠠ᠃ ᠶᠠᠮᠠᠷ ᠭᠦᠮᠤᠨ ᠢ ᠴᠤ ᠭᠡᠤᠨ ᠮᠠᠭᠤ ᠰᠠᠨᠠᠬᠤ ᠦᠭᠡᠶ᠂ ᠰᠡᠵᠢᠭᠯᠡᠭᠦ ᠦᠭᠡᠶ᠂ ᠮᠠᠭᠤ ᠳᠠᠢ᠌ᠰᠢ ᠪᠣᠳᠤᠬᠤ ᠦᠭᠡᠶ ᠪᠣᠯᠬᠤᠷ ᠰᠡᠳᠭᠢᠯ ᠰᠠᠨᠠᠭ᠎ᠠ ᠭᠢᠯᠪᠠᠷᠬᠠᠨ ᠡᠪᠳᠡᠭ᠍ᠳᠡᠭᠦ ᠦᠭᠡᠶ᠂ ᠰᠢᠷᠬᠠᠳᠤᠬᠤ ᠦᠭᠡᠶ ᠶᠤᠮ᠃ ᠭᠡᠵᠢᠶᠡᠳᠡ ᠪᠠᠶᠠᠰᠤᠩᠭ᠋ᠤᠢ ᠪᠠᠢ᠌ᠵᠤ᠂ ᠯᠠᠪᠳᠠᠭᠤᠨ ᠳᠤᠭᠳᠠᠭᠤᠨ᠂ ᠠᠭᠤᠵᠢᠮ ᠳᠡᠨᠢᠭᠡᠷ ᠴᠡᠭᠡᠵᠢ ᠲᠡᠶ ᠶᠠᠪᠣᠳᠠᠭ᠃ ᠡᠴᠢᠭᠡ ᠡᠭᠡ᠂ ᠡᠯᠢᠭᠡᠨ ᠰᠠᠳᠤᠨ ᠡᠴᠡ ᠡᠭᠢᠯᠡᠨ ᠳᠠᠨᠢᠯ ᠳᠠᠰᠤᠯ ᠪᠣᠰᠤ ᠭᠦᠮᠤᠨ᠂ ᠴᠠᠭᠠᠰᠢᠯᠠᠪᠠᠯ ᠳᠠᠢ᠌ᠰᠤᠩᠨᠠᠵᠤ ᠥᠩᠭᠡᠷᠡᠭ᠍ᠰᠡᠨ ᠭᠦᠮᠤᠨ ᠶᠢᠡᠨ ᠴᠤ ᠶᠠᠷᠤ ᠳᠡᠭᠡᠵᠤ ᠶᠡᠭᠡ ᠮᠠᠭᠤ ᠰᠠᠨᠠᠵᠤ ᠰᠡᠵᠢᠭᠯᠡᠳᠡᠭ᠌ ᠦᠭᠡᠶ᠃ ᠠᠳᠤᠭᠤ ᠮᠠᠯ᠂ ᠠᠭᠤᠯᠠ ᠣᠰᠤ᠂ ᠡᠪᠠᠰᠤ ᠪᠠᠯᠴᠢᠭᠡᠷ᠂ ᠠᠩ ᠭᠦᠷᠦᠭᠡ᠂ ᠴᠠᠰᠤ ᠰᠢᠭᠤᠷᠭ᠎ᠠ᠂ ᠭᠠᠵᠠᠷ ᠳᠡᠭ᠍ᠷᠢ᠂ ᠣᠭᠳᠠᠷᠭᠤᠢ ᠡᠭᠦᠯᠡ ᠶᠢ ᠭᠦᠷᠳᠡᠯ᠎ᠡ ᠰᠠᠢ᠌ᠨ ᠤ ᠵᠥᠭ᠌ ᠰᠠᠨᠠᠨ ᠰᠠᠳᠭᠢᠵᠤ ᠶᠠᠪᠣᠳᠠᠭ᠃ ᠡᠨᠡ ᠪᠣᠯ ᠮᠤᠩᠭ᠋ᠤᠯᠴᠤᠳ ᠤᠨ ᠰᠠᠳᠭᠢᠯ ᠤᠨ ᠡᠷᠡᠭᠦᠯ ᠮᠠᠠᠳᠤ ᠶᠢᠨ ᠬᠠᠮᠠᠭᠠᠯᠠᠯ ᠵᠤᠭᠢᠴᠠᠭᠤᠯᠤᠯ ᠤᠨ ᠨᠢᠭᠡᠨ ᠴᠢᠬᠤᠯᠠ ᠳᠠᠯ᠎ᠠ ᠪᠣᠯᠤᠨ᠎ᠠ᠃ ᠭᠡᠵᠢᠶᠡᠳᠡ ᠰᠠᠢ᠌ᠨ ᠰᠠᠢ᠌ᠬᠠᠨ ᠢ ᠪᠣᠳᠤᠵᠤ ᠰᠠᠳᠭᠢᠵᠤ ᠶᠠᠪᠣᠳᠠᠭ ᠭᠦᠮᠤᠨ ᠰᠠ‍‌ᠶᠢ ᠪᠠᠶᠠᠰᠤᠩᠭ᠋ᠤᠢ ᠪᠠᠢ᠌ᠵᠤ ᠴᠢᠳᠠᠨ᠎ᠠ᠃ ᠪᠠᠶᠠᠰᠤᠩᠭ᠋ᠤᠢ ᠰᠠᠳᠭᠢᠯ ᠲᠡᠶ ᠭᠦᠮᠤᠨ ᠰᠠ‍‌ᠶᠢ ᠴᠤᠭ ᠵᠢᠪᠬᠤᠭ᠎ᠠ ᠳᠡᠭᠦᠯᠳᠡᠷ ᠪᠠᠢ᠌ᠳᠠᠭ᠃

ᠮᠤᠩᠭ᠋ᠤᠯ ᠠᠷᠠᠤᠨ ᠤᠨ ᠥᠭᠡᠨ ᠳᠤ 《ᠰᠠᠨᠠᠭ᠎ᠠ ᠮᠠᠭᠤ ᠪᠣᠯ ᠵᠠᠶᠠᠭ᠎ᠠ ᠮᠠᠭᠤ》᠂ 《ᠰᠠᠢ᠌ᠨ ᠰᠠᠨᠠᠭ᠎ᠠ ᠳᠠᠯ᠎ᠠ ᠶᠢ ᠳᠤᠭᠤᠷᠢᠨ᠎ᠠ᠂ ᠮᠠᠭᠤ ᠰᠠᠨᠠᠭ᠎ᠠ ᠪᠠᠶ᠎ᠠ ᠶᠢ ᠣᠷᠢᠶᠠᠨ᠎ᠠ》 ᠭᠡᠵᠤ ᠭᠡᠯᠡᠳᠡᠭ᠌᠃ ᠥᠷᠭᠦᠯᠵᠢ ᠰᠠᠢ᠌ᠨ ᠢ ᠰᠠᠳᠭᠢᠨ ᠪᠠᠶᠠᠰᠤᠩᠭ᠋ᠤᠢ ᠠᠮᠢᠳᠤᠷᠠᠬᠤ ᠪᠣᠯ ᠰᠡᠳᠭᠢᠯ ᠪᠠ ᠪᠠᠶ᠎ᠠ ᠶᠢᠨ ᠡᠷᠡᠭᠦᠯ ᠮᠠᠠᠳᠤ ᠪᠠᠨ ᠪᠠᠳᠤᠯᠠᠨ ᠬᠠᠮᠠᠭᠠᠯᠠᠬᠤ ᠴᠢᠬᠤᠯᠠ ᠨᠢᠭᠡ ᠠᠷᠭ᠎ᠠ ᠮᠦᠨ᠃ ᠮᠠᠭᠤ ᠳᠠᠢ᠌ᠰᠢ ᠰᠡᠳᠭᠢᠵᠤ ᠪᠣᠳᠤᠬᠤ ᠦᠶ᠎ᠡ ᠳᠤ ᠭᠦᠮᠤᠨ ᠦᠪᠡᠷ ᠤᠨ ᠡᠷᠭᠡ ᠦᠭᠡᠶ ᠭᠤᠨᠢᠵᠤ ᠭᠤᠳᠤᠷᠠᠵᠤ᠂ ᠰᠠᠨᠠᠭ᠎ᠠ ᠵᠤᠪᠠᠵᠤ᠂ ᠰᠠᠳᠭᠢᠯ ᠶᠢᠡᠨ ᠳᠠᠷᠴᠢᠯᠭᠠᠨ᠎ᠠ᠃ ᠡᠨᠡ ᠮᠠᠳᠤ ᠣᠳᠠᠪᠠᠯ ᠡᠴᠦᠰ ᠲᠤ ᠪᠠᠨ ᠵᠢᠷᠦᠭᠡᠨ (ᠪᠠᠶ᠎ᠠ) ᠤ ᠭᠡᠪ ᠤᠨ ᠠᠵᠢᠯᠯᠠᠭ᠎ᠠ ᠪᠠᠨ ᠬᠠᠷᠰᠢᠯᠠᠨ᠎ᠠ᠃

ᠭᠦᠮᠤᠨ ᠤ ᠵᠢᠷᠭᠠᠯ᠂ ᠵᠤᠪᠠᠯᠠᠩ ᠴᠦᠮ ᠪᠠᠶ᠎ᠠ ᠰᠠᠳᠭᠢᠯ ᠲᠡᠶ ᠰᠢᠭᠤᠳ ᠬᠤᠯᠪᠣᠭᠳᠠᠨ᠎ᠠ᠃ ᠰᠠᠳᠭᠢᠯ ᠵᠤᠪᠠᠬᠤ ᠦᠭᠡᠶ ᠭᠦᠮᠤᠨ ᠰᠠ‍‌ᠶᠢ ᠡᠷᠡᠭᠦᠯ ᠰᠠᠷᠠᠭᠤᠯ ᠠᠮᠢᠳᠤᠷᠠᠵᠤ᠂ ᠴᠤᠭ ᠵᠢᠪᠬᠤᠭ᠎ᠠ ᠪᠠᠳᠠᠷᠠᠩᠭ᠋ᠤᠢ ᠪᠠᠢ᠌ᠵᠤ ᠴᠢᠳᠠᠨ᠎ᠠ᠃ ᠭᠡᠳᠡᠰᠤ ᠴᠠᠳᠬᠤᠯᠠᠩ ᠭᠦᠮᠤᠨ ᠠᠮᠤᠷ ᠳᠠᠢ᠌ᠪᠣᠩ ᠶᠢᠡᠷ ᠠᠵᠤ ᠲᠦᠷᠦᠨ ᠠᠮᠢᠳᠤᠷᠠᠨ ᠠᠵᠢᠯᠯᠠᠵᠤ ᠴᠢᠳᠠᠨ᠎ᠠ ᠭᠡᠳᠡᠭ᠌᠃ ᠮᠤᠩᠭ᠋ᠤᠯᠴᠤᠳ ᠪᠠᠰᠠ 《ᠡᠪᠠᠦᠡᠴᠢᠨ ᠦᠭᠡᠶ ᠪᠣᠯ ᠵᠢᠷᠭᠠᠯ᠂ ᠦᠷᠢ ᠦᠭᠡᠶ ᠪᠣᠯ ᠪᠠᠶᠠᠨ》 ᠭᠡᠵᠤ ᠭᠡᠯᠡᠳᠡᠭ᠌᠃

ᠠᠪᠤᠨ ᠰᠢ᠌ᠳᠪᠦᠷᠢᠯᠡᠭᠦᠶ᠎ᠡ ᠪᠠᠷᠭᠡ ᠶᠠᠪᠣᠳᠠᠯ ᠲᠤᠬᠢᠶᠠᠯᠳᠤᠭᠰᠠᠨ ᠦᠶ᠎ᠡ ᠳᠤ ᠮᠤᠩᠭ᠋ᠤᠯᠴᠤᠳ ᠭᠡᠦᠭᠡᠳ ᠲᠤ ᠪᠠᠨ᠄ 《ᠵᠠ ᠭᠡᠦᠭᠡᠳ ᠮᠢᠨᠢ᠂ ᠡᠨᠡ ᠶᠠᠪᠣᠳᠠᠯ ᠢ ᠣᠳᠤ ᠬᠠᠮᠢᠶᠠᠷᠬᠤ ᠭᠡᠷᠡᠭ᠌ ᠦᠭᠡᠶ᠂ ᠣᠠᠳᠠᠵᠤ ᠪᠣᠰᠤᠭᠠᠤᠨ ᠮᠠᠷᠭᠠᠰᠢ ᠡᠴᠡ ᠨᠢᠭᠡ ᠠᠷᠭ᠎ᠠ ᠪᠣᠳᠤᠶ᠎ᠠ》 ᠭᠡᠵᠤ ᠭᠡᠯᠡᠳᠡᠭ᠌᠃ ᠭᠡᠵᠢᠶ᠎ᠡ᠂ ᠬᠠᠮᠢᠭ᠎ᠠ᠂ ᠶᠠᠮᠠᠷ ᠣᠴᠢᠷ ᠲᠤᠬᠢᠶᠠᠯᠳᠤᠭᠰᠠᠨ ᠴᠤ ᠭᠡᠦᠭᠡᠤᠨ ᠤᠨ ᠰᠡᠳᠭᠢᠯ ᠢ ᠠᠮᠤᠭᠤᠯᠠᠩ ᠳᠤᠭᠳᠠᠭᠤᠨ ᠪᠠᠢ᠌ᠯᠭᠠᠬᠤ ᠤᠨ ᠮᠠᠰᠢ ᠠᠩᠬᠠᠷᠳᠠᠭ᠃ ᠭᠡᠦᠭᠡᠳ ᠤᠨ ᠰᠡᠳᠭᠢᠯ ᠢ ᠵᠤᠪᠠᠭᠠᠬᠤ᠂ ᠳᠠᠷᠴᠢᠯᠭᠠᠬᠤ ᠶᠠᠪᠣᠳᠠᠯ᠂ ᠥᠭᠡ ᠶᠠᠷᠢᠶ᠎ᠠ ᠶᠢ ᠮᠠᠰᠢᠳᠠ ᠴᠡᠭᠡᠷᠯᠡᠳᠡᠭ᠌᠃ ᠭᠡᠦᠭᠡᠤᠨ ᠤᠨ ᠰᠡᠳᠭᠢᠯ ᠢ ᠵᠤᠪᠠᠭᠠᠪᠠᠯ ᠴᠤᠭ ᠰᠦᠯᠳᠡ ᠶᠢ ᠨᠢ ᠮᠠᠭᠤᠳᠠᠭᠠᠨ᠎ᠠ᠂ ᠡᠨᠡ ᠪᠣᠯ ᠮᠠᠰᠢ ᠨᠢᠭᠦᠯ ᠲᠡᠶ ᠶᠠᠪᠣᠳᠠᠯ ᠭᠡᠵᠤ ᠭᠡᠯᠡᠳᠡᠭ᠌᠃ ᠬᠠᠷᠢᠨ ᠭᠡᠦᠭᠡᠤᠨ ᠤᠨ ᠰᠡᠳᠭᠢᠯ ᠢ ᠳᠤᠭᠳᠠᠭᠠᠨ᠂ ᠵᠤᠷᠢᠭ ᠢ ᠨᠢ ᠭᠦᠪᠴᠢᠯᠡᠭᠦ ᠪᠣᠯ ᠨᠢᠭᠤᠷ ᠤᠨ ᠭᠠᠯ ᠢ ᠨᠢ ᠪᠠᠳᠠᠷᠠᠭᠠᠨ᠂ ᠨᠢᠳᠤᠨ ᠴᠤᠭ ᠢ ᠨᠢ ᠭᠡᠷᠡᠯᠳᠦᠭᠦᠯᠭᠦ ᠪᠣᠶᠠᠨ ᠲᠡᠶ ᠶᠠᠪᠣᠳᠠᠯ ᠭᠡᠵᠤ ᠡᠷᠭᠢᠮᠯᠡᠨ᠎ᠡ᠃

ᠬᠠᠷᠢᠶ᠎ᠠ᠄ ᠵᠠᠩ ᠤᠢ᠌ᠯᠠ
ᠳᠠᠷᠤᠮ᠄ 8135
ᠴᠠᠭ᠄ 2008 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ