ᠨᠡᠪᠲᠡᠷᠡᠨ ᠤᠷᠤᠬᠤ
ᠮᠢᠨᠤ ᠰᠤᠷᠭᠠᠭᠤᠯᠢ
᠊᠊᠊᠊᠊᠊᠊᠊᠊᠊᠊᠊᠊᠊᠊ ᠰᠤᠷᠭᠠᠭᠤᠯᠢ ᠪᠠᠢ᠌ᠭᠤᠯᠤᠭᠳᠠᠭᠰᠠᠨ 50 ᠵᠢᠯ ᠤᠨ ᠣᠢ ᠳ᠋ᠤ


ᠠᠯᠳᠡᠨ‍᠊ᠡᠮᠡᠭᠡᠯ ᠤᠨ ᠪᠣᠭᠤᠷᠤᠯ ᠳᠤᠮᠤᠭ ᠳᠠᠢ

ᠮᠥᠩᠭᠡ ᠣᠷᠤᠰᠢᠬᠤ

ᠪᠠᠷᠭᠤ ᠨᠤᠳᠤᠭ ᠤᠨ ᠰᠤᠶᠤᠯ ᠤᠨ ᠥᠯᠦᠭᠡᠢ

ᠳᠠᠷᠬᠠᠨ ᠭᠠᠵᠠᠷ

ᠠᠯᠤᠰ ᠤᠨ ᠠᠶᠠᠨ ᠤ ᠠᠵᠢᠨᠠᠢ ᠭᠦᠯᠦᠭ᠌

ᠠᠭᠳᠠ ᠦᠣᠷᠰᠡᠭ᠍ᠰᠡᠨ

ᠪᠠᠬᠠᠷᠤᠯ ᠬᠠᠢ᠌ᠷ᠎ᠠ ᠶᠢᠨ ᠮᠥᠩᠭᠡ ᠶᠢᠨ ᠳᠡᠭ᠍ᠷᠢ

ᠳᠤᠯᠠᠭᠠᠨ ᠥᠯᠦᠭᠡᠢ

        ᠡᠨᠡ ᠪᠣᠯ ᠮᠢᠨᠤ ᠨᠢᠭᠡᠳᠦᠭᠡᠷ ᠳᠤᠮᠳᠠᠳᠤ ᠰᠤᠷᠭᠠᠭᠤᠯᠢ

        ᠢᠷᠡᠭᠦ ᠮᠠᠷᠭᠠᠰᠢ ᠳ᠋ᠤ ᠲ᠋ᠡᠮᠡᠤᠯᠡᠭᠦ ᠭᠦᠰᠡᠯᠡᠩ ᠤᠨ ᠭᠠᠵᠠᠷ

ᠪᠣᠭᠳᠠ ᠠᠭᠤᠯᠠ ᠶᠢᠨ ᠰᠦᠷᠯᠢᠭ᠌ ᠪᠠᠷ᠎ᠠ ᠳᠠᠢ

ᠦᠨᠳᠦᠷ ᠶᠢᠡᠨ ᠮᠦᠷᠥᠢᠴᠡᠭ᠍ᠰᠡᠨ

ᠪᠣᠶᠠᠠᠳᠤ ᠳᠡᠭᠡᠳᠦᠰ ᠤᠨ ᠢᠷᠦᠭᠡᠯ ᠰᠢᠩᠭᠡᠭ᠍ᠰᠡᠨ

ᠠᠮᠤᠭᠤᠯᠠᠩ ᠭᠠᠵᠠᠷ

ᠳᠦᠷᠤ ᠶᠢᠨ ᠳᠤᠯᠭᠠᠭᠤᠷᠢ ᠲᠦᠮᠡᠨ ᠤ ᠳᠦᠰᠢᠭ᠌

ᠡ᠊ᠨᠳᠠ ᠡᠴᠠ ᠴᠤᠯᠭᠤᠷᠠᠭᠰᠠᠨ

ᠲᠦᠮᠡᠨ ᠠᠷᠠᠤᠨ ᠤᠨ ᠢᠳᠡᠭᠡᠯ ᠭᠦᠰᠡᠯ

ᠡ᠊ᠨᠳᠡ ᠳᠦᠪᠯᠡᠷᠡᠭ᠍ᠰᠡᠨ

        ᠡᠨᠡ ᠪᠣᠯ ᠮᠢᠨᠤ ᠨᠢᠭᠡᠳᠦᠭᠡᠷ ᠳᠤᠮᠳᠠᠳᠤ ᠰᠤᠷᠭᠠᠭᠤᠯᠢ

        ᠢᠷᠡᠭᠦ ᠮᠠᠷᠭᠠᠰᠢ ᠳᠤ ᠳᠡᠮᠡᠤᠯᠡᠭᠦ ᠭᠦᠰᠡᠯᠡᠩ ᠤᠨ ᠭᠠᠵᠠᠷ

ᠬᠠᠳᠤᠨ ᠭᠡᠷᠦᠯᠤᠨ ᠤ ᠨᠠᠮᠤᠭᠤᠬᠠᠨ ᠣᠷᠤᠰᠬᠠᠯ

ᠠᠢ᠌ᠵᠠᠮ ᠡᠷᠭᠦᠭ᠍ᠰᠡᠨ

ᠬᠠᠭᠠᠨ ᠴᠢᠩᠭᠢᠰ ᠤᠨ ᠮᠤᠩᠭ᠋ᠤᠯ ᠣᠳᠤᠮ

ᠡ᠊ᠨᠳᠡ ᠴᠤᠭᠯᠠᠷᠠᠭᠰᠠᠨ

ᠡᠷᠡᠨ ᠵᠠᠭᠤᠨ ᠤ ᠠᠶᠠᠯᠭᠤ ᠳ᠋ᠤ

ᠭᠦᠭ᠌ ᠨᠡᠮᠡᠷᠢᠯᠡᠭ᠍ᠰᠡᠨ

ᠡᠩᠭᠡ ᠮᠠᠠᠳᠤ ᠶᠢᠨ ᠠᠷᠢᠭᠤᠨ ᠰᠠᠴᠤᠯᠢ ᠪᠠᠷ

ᠣᠢ᠌ᠯᠠᠰ ᠶᠢᠡᠨ ᠮᠢᠯᠢᠶᠠᠭᠰᠠᠨ

        ᠡᠨᠡ ᠪᠣᠯ ᠮᠢᠨᠤ ᠨᠢᠭᠡᠳᠦᠭᠡᠷ ᠳᠤᠮᠳᠠᠳᠤ ᠰᠤᠷᠭᠠᠭᠤᠯᠢ

        ᠢᠷᠡᠭᠦ ᠮᠠᠷᠭᠠᠰᠢ ᠳᠤ ᠳᠡᠮᠡᠤᠯᠡᠭᠦ ᠭᠦᠰᠡᠯᠡᠩ ᠤᠨ ᠭᠠᠵᠠᠷ


                     2011.7


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠢᠷᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3309
ᠴᠠᠭ᠄ 2012 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ