☆ ᠶᠢᠨ ᠯᠦᠩ
ᠠᠮᠠᠷᠠᠭ ᠵᠡᠭᠦᠳᠤᠨ ᠤ ᠯᠤᠤᠯᠢᠲ᠋ᠠ
ᠰ·ᠡᠷᠳᠡᠨᠢ ᠶᠢᠨ 《ᠣᠭᠤᠳᠤᠨ᠎ᠠ ᠶᠢᠨ ᠨᠥᠭᠡᠨ ᠳ᠋ᠠᠭᠢ ᠰᠤᠪᠣᠤᠨ》᠊ᠢ ᠣᠩᠰᠢᠭᠠᠤᠨ
ᠶᠡᠭᠡ ᠨᠠᠢ᠌ᠷᠠᠭᠴᠢ ᠶᠢᠨ ᠪᠢᠷ ᠳᠤᠤᠷᠠᠭᠢ
ᠠᠮᠢᠳᠤᠷᠠᠯ ᠤᠨ ᠳᠤᠷᠭᠤᠨ ᠵᠠᠶᠠᠭ᠎ᠠ
ᠭᠦᠮᠤᠨ ᠴᠢᠨᠠᠷ ᠤᠨ ᠰᠤᠷᠢᠭ᠎ᠠ ᠳᠠᠪᠠᠭᠰᠠᠨ
ᠬᠠᠢ᠌ᠷ᠎ᠠ ᠶᠢᠨ ᠣᠶᠠᠷᠠᠭᠤᠨ ᠠᠶᠠᠯᠠᠭᠤ
ᠡᠳ᠋ ᠬᠤᠮᠰᠠ ᠴᠤ ᠡᠯᠢᠭᠡ ᠪᠦᠳᠤᠨ
ᠪᠦᠯᠢ ᠲᠡᠶ ᠪᠠᠢ᠌ᠭᠰᠠᠨ ᠶᠤᠮ ᠴᠢ
ᠡᠷᠭᠡ ᠭᠦᠴᠤᠨ ᠳᠤ ᠵᠢᠷᠭᠠᠯ ᠶᠢᠡᠨ ᠴᠥᠯᠪᠠᠭᠦᠯᠦᠭ᠍ᠰᠡᠨ
ᠪᠦᠰᠡᠭᠦᠢ ᠪᠠᠢ᠌ᠭᠰᠠᠨ ᠶᠤᠮ ᠴᠢ
ᠪᠣᠷᠤᠴᠤᠤᠯ ᠤᠨ ᠭᠡᠷ ᠲᠤ ᠮᠤᠷᠳᠠᠭᠰᠠᠨ ᠨᠢ
ᠴᠢᠨᠤ ᠵᠠᠶᠠᠭ᠎ᠠ ᠪᠠᠢ᠌ᠭᠰᠠᠨ ᠶᠤᠮ
ᠪᠣᠯᠭᠢ ᠶᠠᠩᠪᠠᠳᠠᠨ ᠢ ᠳᠡᠪᠴᠢᠭ᠍ᠰᠡᠨ ᠨᠢ
ᠴᠢᠨᠤ ᠮᠦᠰᠤ ᠪᠠᠢ᠌ᠭᠰᠠᠨ ᠶᠤᠮ
ᠠᠮᠢᠳᠤᠷᠠᠯ ᠶᠢᠡᠨ ᠭᠡᠵᠤ ᠥᠡᠳᠡᠯᠵᠡᠭ᠍ᠰᠡᠨ
ᠬᠠᠯᠠᠭᠤᠨ ᠡᠯᠢᠭᠡ ᠪᠣᠯ ᠴᠢ ᠪᠠᠢ᠌ᠭᠰᠠᠨ ᠶᠤᠮ
ᠠᠮᠠᠷᠠᠭ ᠶᠢᠡᠨ ᠭᠡᠵᠤ ᠣᠭᠴᠤᠷᠤᠭᠰᠠᠨ
ᠬᠠᠨᠢ ᠶᠢᠨ ᠵᠠᠶᠠᠭ᠎ᠠ ᠪᠣᠯ ᠴᠢ ᠪᠠᠢ᠌ᠭᠰᠠᠨ ᠶᠤᠮ
ᠬᠠᠢ᠌ᠷ᠎ᠠ ᠶᠢᠨ ᠶᠢᠠᠨ ᠵᠥᠭ᠌ ᠢᠪᠢᠯᠦᠭ᠍ᠰᠡ
ᠵᠥᠭᠡᠯᠡᠨ ᠠᠮᠢᠰᠬᠤᠭ᠎ᠠ ᠪᠣᠯ ᠴᠢ ᠪᠠᠢ᠌ᠭᠰᠠᠨ
ᠬᠠᠷᠠᠩᠭ᠋ᠤᠢ ᠶᠢᠨ ᠵᠥᠭ᠌ ᠴᠢᠭᠯᠡᠭ᠍ᠰᠡᠨ
ᠬᠠᠳᠠᠭᠤ ᠬᠠᠰᠭᠢᠷᠤᠯ ᠪᠣᠯ ᠴᠢ ᠪᠠᠢ᠌ᠭᠰᠠᠨ
ᠳᠤᠷᠳᠤᠭ ᠲᠡᠶ ᠫᠣᠤ ᠶᠢᠨ ᠵᠠᠮᠠᠭ ᠤᠨ ᠳᠠᠭᠤᠨ ᠶᠢᠡᠷ
ᠴᠢ ᠵᠠᠭᠤᠷᠮᠠᠭ ᠶᠠᠪᠣᠭᠰᠠᠨ ᠶᠤᠮ
ᠳᠤᠤᠯᠢ ᠶᠢᠨ ᠠᠷᠤᠤᠬᠠᠨ ᠢᠨᠠᠭ ᠤᠨ ᠥᠯᠢᠭᠡᠷ ᠶᠢᠡᠷ
ᠴᠢ ᠮᠥᠩᠭᠡ ᠳᠤᠷᠠᠰᠤᠭᠳᠤᠭᠰᠠᠨ ᠶᠤᠮ
ᠪᠦᠮᠪᠦᠷᠴᠡᠭ᠌ ᠤᠨ ᠵᠠᠢᠳᠤ ᠭᠦᠮᠤᠨ ᠠᠮᠢᠳᠠᠨ
ᠣᠠᠵᠢᠨ ᠵᠢᠯᠵᠢᠨ ᠥᠷᠭᠦᠯᠵᠢᠯᠳᠡᠭ᠌ ᠶᠤᠮ
ᠪᠦᠰᠡᠭᠦᠢ ᠵᠠᠶᠠᠭᠠᠨ ᠳᠤ ᠯᠤᠤᠯᠢᠲ᠋ᠠ ᠴᠢ
ᠳᠠᠭᠢᠭᠠᠤᠨ ᠭᠡᠳᠤ ᠯᠠ ᠭᠠᠷᠬᠤ ᠶᠤᠮ ᠳ᠋ᠠ ︖
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2652
ᠴᠠᠭ᠄ 2010 ᠤᠨ ᠤ 02 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ