ᠨᠡᠪᠲᠡᠷᠡᠨ ᠤᠷᠤᠬᠤ
ᠬᠠᠪᠣᠷ ᠤᠨ ᠪᠣᠷᠤᠭᠠᠨ

ᠬᠠᠰᠢᠯᠭ᠎ᠠ ᠪᠠᠨ ᠳᠠᠪᠠᠭᠰᠠᠨ ᠥᠶᠡᠷ ᠰᠢᠭ᠌

ᠬᠠᠪᠣᠷ ᠤᠨ ᠪᠣᠷᠤᠭᠠᠨ ᠪᠠᠭᠤᠭᠠᠤᠨ ᠢᠷᠠᠨ᠎ᠠ᠂

ᠬᠠᠢ᠌ᠷ᠎ᠠ ᠪᠠᠷ ᠶᠠᠳᠠᠭᠤᠷᠠᠭᠰᠠᠨ ᠭᠡᠦᠭᠡᠨ ᠰᠢᠭ᠌

ᠬᠠᠨᠠᠭᠠᠷ ᠳᠠᠯ᠎ᠠ ᠡᠦᠶᠡᠷᠡᠭᠡᠳ ᠢᠷᠠᠨ᠎ᠠ᠃

ᠬᠠᠳᠠᠭᠤ ᠵᠤᠳ ᠡᠴᠡ ᠠᠶᠤᠯ ᠥᠭᠡᠢ

ᠬᠠᠭᠳᠠ ᠨᠤᠭᠤᠭ᠎ᠠ ᠭᠦᠭᠡᠷᠦᠭᠡᠳ ᠢᠷᠠᠨ᠎ᠠ᠂

ᠬᠠᠷ᠎ᠠ ᠰᠠᠯᠭᠢ ᠡᠴᠡ ᠡᠮᠢᠶᠡᠯ ᠥᠭᠡᠢ

ᠬᠠᠷᠢᠶᠠᠴᠠᠢ ᠰᠢᠪᠠᠭᠤ ᠨᠢᠰᠦᠭᠡᠳ ᠢᠷᠠᠨ᠎ᠠ᠃

ᠬᠠᠷᠠᠳᠠᠢ ᠬᠤᠨᠤᠭ ᠶᠢᠡᠨ ᠳᠤᠭᠤᠯᠤᠭᠰᠠᠨ ᠰᠢᠭ᠌

ᠬᠠᠰᠢᠶᠠᠨ ᠤ ᠤᠨᠤᠭ᠎ᠠ ᠢᠩᠭ᠋ᠠᠷᠴᠠᠭᠠᠵᠤ ᠢᠷᠠᠨ᠎ᠠ᠂

ᠬᠠᠯᠠᠳᠠᠢ ᠡᠳᠦᠷ ᠳᠠᠭᠤᠰᠤᠭᠰᠠᠨ ᠰᠢᠭ᠌

ᠬᠠᠰᠢᠷ ᠮᠠᠯᠴᠢᠨ ᠮᠦᠰᠢᠶᠠᠵᠤ ᠢᠷᠠᠨ᠎ᠠ᠃

ᠬᠠᠭᠰᠠᠷᠠᠬᠤ ᠭᠠᠢ ᠶᠢ ᠴᠠᠰᠢ ᠥᠯᠳᠡᠨ

ᠬᠠᠪᠣᠷ ᠤᠨ ᠬᠤᠷ᠎ᠠ ᠱᠠᠭᠢᠵᠤ ᠯᠠ ᠢᠷᠠᠨ᠎ᠠ᠂

ᠬᠠᠢ᠌ᠷᠠᠯᠠᠬᠤ ᠶᠢᠨ ᠵᠢᠷᠭᠠᠯ ᠢ ᠨᠠᠰᠢ ᠤᠭᠳᠤᠨ

ᠬᠠᠪᠣᠷᠵᠢᠶᠠᠨ ᠳᠤ ᠭᠡᠦᠭᠡᠨ ᠭᠦᠯᠢᠶᠡᠵᠤ ᠯᠠ ᠢᠷᠠᠨ᠎ᠠ᠃


2009-4-21

ᠬᠠᠨ ᠵᠢᠷᠤᠮᠳᠤ

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2678
ᠴᠠᠭ᠄ 2009 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ