ᠨᠡᠪᠲᠡᠷᠡᠨ ᠤᠷᠤᠬᠤ
ᠬᠠᠩᠰᠢ ᠶᠢᠨ ᠡᠳᠦᠷ

ᠬᠠᠪᠣᠷ ᠲᠤ ᠣᠶᠠᠷᠠᠬᠤ ᠳᠤᠷᠠᠳᠠᠢ ᠪᠢ

ᠬᠠᠩᠰᠢ ᠶᠢᠨ ᠡᠳᠦᠷ ᠨᠤᠳᠤᠭ ᠲᠠᠭᠠᠨ ᠬᠠᠷᠢᠭ᠎ᠠ ᠦᠭᠡᠶ

ᠬᠠᠷᠠᠴᠢᠨ ᠠᠢ᠌ᠮᠠᠭ ᠤᠨ ᠥᠷᠭᠦᠯᠵᠢᠯᠡᠯ ᠪᠣᠯᠤᠭᠠᠤᠨ

ᠬᠠᠯᠠᠭᠤᠨ ᠳᠡᠭᠡᠳᠦᠰ ᠲᠡᠭᠡᠨ ᠰᠢᠷᠤᠢ ᠨᠡᠮᠡᠭᠡ ᠦᠭᠡᠶ

ᠬᠠᠭᠤᠷᠠᠢ ᠴᠦᠮᠦᠳᠠᠯ ᠶᠢᠡᠷ ᠲᠦᠯᠡᠰᠢ ᠰᠢᠳᠠᠭᠠᠭᠰᠠᠨ ᠡᠴᠢᠭᠡ ᠮᠢᠨᠢ

ᠬᠠᠷ᠎ᠠ ᠠᠷᠢᠭᠢ ᠪᠠᠨ ᠭᠡᠳᠤ ᠳᠤᠰᠤᠭᠠᠭᠠᠤᠨ ᠰᠠᠨᠠᠭ᠎ᠠ ᠠᠯᠳᠠᠳᠠᠭ

ᠬᠠᠷᠠᠭᠠᠨ᠎ᠠ ᠶᠢᠨ ᠨᠦᠮᠦᠷᠢ ᠳᠤ ᠳᠠᠮᠠᠭᠢ ᠪᠠᠨ ᠨᠤᠴᠤᠭᠠᠵᠤ

ᠬᠠᠷᠠᠬᠤ ᠳᠤ ᠬᠤᠷᠳᠤᠨ ᠣᠨ ᠵᠢᠯ ᠳᠤ ᠭᠤᠮᠤᠳᠠᠳᠠᠭ

ᠮᠣᠢ᠌ᠯᠳᠤ ᠶᠢᠨ ᠳᠠᠪᠢᠨ ᠣᠯᠠᠭᠠᠴᠢ (1) ᠡᠴᠡ ᠠᠷᠤᠭᠴᠢᠨ ᠨᠤᠳᠤᠭ ᠶᠢᠡᠨ ᠵᠤᠷᠢᠭᠰᠠᠨ

ᠮᠢᠨᠤ ᠡᠪᠦᠭᠡᠳ ᠤᠨ ᠳᠤᠷᠭᠠᠨ ᠨᠡᠭᠦᠳᠡᠯ ᠢ

ᠮᠠᠯᠮᠠᠢ ᠨᠢ ᠳᠤᠩᠭ᠋ᠠᠯᠠᠭ ᠠᠭᠤᠯᠠ ᠣᠰᠤ ᠮᠢᠨᠢ

ᠮᠥᠩᠭᠡ ᠶᠢᠨ ᠭᠠᠯᠪᠢᠷ ᠲᠠᠭᠠᠨ ᠬᠠᠳᠠᠭᠠᠯᠠᠭᠰᠠᠭᠠᠷ᠁

ᠠᠯᠤᠰ ᠲᠤ ᠭᠦᠷᠡᠩᠳᠦᠭᠦ ᠦᠪᠣᠷ ᠬᠤᠯᠤᠰᠤᠳᠠᠢ(2) ᠯᠠ

ᠠᠮᠢᠨ ᠬᠠᠢ᠌ᠷᠠᠳᠠᠢ ᠪᠦᠭᠦᠨ ᠢ ᠮᠢᠨᠢ ᠰᠢᠩᠭᠡᠭᠡᠵᠤ ᠦᠳᠡᠯᠤᠰᠢ ᠦᠭᠡᠶ

ᠠᠷᠢᠭᠤᠨ ᠰᠢᠳᠦᠭᠡᠨ ᠨᠠᠪᠳᠠᠭ ᠰᠠᠪᠳᠠᠭ ᠳᠤᠨᠢ

ᠠᠯᠤᠰ ᠡᠴᠡ ᠵᠠᠯᠪᠢᠷᠠᠬᠤ ᠪᠠᠨ ᠪᠢ ᠮᠠᠷᠳᠠᠳᠠᠭ ᠦᠭᠡᠶ

ᠶᠠᠭ ᠯᠠ ᠳ᠋ᠠ

ᠶᠠᠰᠤ ᠪᠠᠨ ᠳᠠᠯᠪᠢᠵᠤ ᠠᠮᠤᠭᠤᠯᠠᠩ ᠨᠣᠢ᠌ᠷᠰᠤᠭᠰᠠᠨ ᠡᠪᠦᠭᠡᠳ ᠮᠢᠨᠢ ᠨᠠᠳᠠ ᠳᠤ

ᠢᠷᠠᠭᠤ ᠰᠠᠢ᠌ᠬᠠᠨ ᠮᠤᠩᠭ᠋ᠤᠯ ᠭᠡᠯᠡ ᠪᠠᠨ ᠥᠪᠯᠡᠭ᠍ᠰᠡᠨ ᠶᠤᠮ ᠰᠢᠤ


(1)ᠠᠷᠤ ᠬᠤᠷᠴᠢᠨ ᠬᠤᠰᠢᠭᠤᠨ ᠤ ᠬᠠᠠᠰᠦᠮ᠎ᠡ ᠰᠤᠮᠤᠨ ᠤ ᠵᠠᠪᠠᠳᠤ ᠭᠠᠴᠠᠭᠠᠨ ᠳᠤ ᠪᠠᠢ᠌ᠭ᠎ᠠ ᠬᠠᠷᠠᠴᠢᠨ ᠠᠢ᠌ᠮᠠᠭ ᠤᠨ ᠭᠢᠨ ᠤ ᠲ᠋ᠡᠭᠡᠳᠦᠰ᠂ ᠠᠷᠤ ᠬᠤᠷᠴᠢᠨ ᠸᠠᠩ ᠳᠠᠭᠳᠠᠨ ᠪᠠᠢ᠌ᠯᠠ ᠶᠢᠨ ᠦᠶ᠎ᠡ᠂ ᠬᠠᠷᠠᠴᠢᠨ ᠪᠠᠷᠠᠭᠤᠨ ᠭᠠᠷᠤᠨ ᠬᠤᠰᠢᠭᠤᠨ ᠤ ᠮᠣᠢ᠌ᠯᠳᠤ ᠶᠢᠨ ᠳᠠᠪᠢᠨ ᠣᠯᠠᠭᠠᠴᠢ ᠳᠤ ᠳᠦᠷᠦᠭᠦᠤ ᠪᠠᠷ ᠳᠤᠮᠢᠯᠠᠭᠳᠠᠵᠤ᠂ ᠠᠷᠤ ᠬᠤᠷᠴᠢᠨ ᠵᠠᠰᠠᠭ ᠳᠠᠠᠵᠢᠨᠪᠠᠯᠰᠠᠩ ᠤᠨ ᠦᠶ᠎ᠡ ᠳᠠᠭᠢᠠᠳᠠ ᠠᠷᠤ ᠬᠤᠷᠴᠢᠨ ᠳᠠᠭᠠᠨ ᠨᠡᠭᠦᠵᠤ ᠢᠷᠡᠭ᠍ᠰᠡᠨ ᠭᠡᠳᠡᠭ᠌᠂ ᠬᠠᠷᠠᠴᠢᠨ ᠠᠢ᠌ᠮᠠᠭ ᠤᠨ ᠣᠪᠣᠭ᠎ᠠ ᠨᠢ ᠣᠳᠤ ᠬᠠᠠᠰᠦ᠋ᠮ᠎ᠡ ᠰᠤᠮᠤᠨ (ᠣᠤᠯ ᠤᠨ ᠪᠠᠶᠠᠠᠪᠣᠯᠠᠭ ᠰᠤᠮᠤ) ᠊ᠤ ᠬᠠᠷᠠᠨᠠᠭᠤᠷ ᠭᠠᠴᠠᠭᠠᠨ ᠳᠤ ᠪᠠᠢ᠌ᠨ᠎ᠠ᠂ ᠳᠠᠭᠢᠯᠭ᠎ᠠ ᠪᠠᠨ ᠰᠡᠷᠭᠦᠭᠡᠳᠦᠢ ᠪᠠᠢ᠌ᠭᠰᠠᠭᠠᠷ

(2) ᠠᠷᠤ ᠬᠤᠷᠴᠢᠨ ᠬᠤᠰᠢᠭᠤᠨ ᠊ᠤ ᠬᠠᠠᠰᠦ᠋ᠮ᠎ᠡ ᠰᠤᠮᠤᠨ ᠤ ᠵᠠᠪᠠᠳᠤ ᠭᠠᠴᠠᠭᠠᠨ ᠳᠤ ᠪᠠᠢ᠌ᠭ᠎ᠠ ᠠᠭᠤᠯᠠ

2009.04.04 ᠪᠠᠶᠠᠨ‍ᠭᠦ᠋ᠷᠢᠶ᠎ᠡ ᠳᠤ

ᠵᠤᠬᠢᠶᠠᠭᠴᠢ᠄ ᠰ·ᠡᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3160
ᠴᠠᠭ᠄ 2009 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ