☆ ᠪᠠᠳᠤᠰᠠᠴᠠᠨ
ᠠᠭᠳᠠ ᠶᠢᠨ ᠳᠠᠯ᠎ᠠ
ᠬᠠᠩᠭ᠋ᠠᠯ ᠴᠡᠭᠡᠵᠢ ᠪᠠᠨ ᠢᠯᠠ ᠭᠠᠷᠭᠠᠨ
ᠬᠠᠩᠭ᠋ᠠᠢ ᠳᠠᠷᠠᠯᠠᠨ ᠳᠠᠯ᠎ᠠ ᠭᠡᠪᠳᠡᠭᠦ ᠳ᠋ᠤ
ᠪᠠᠢ᠌ᠭᠠᠯᠢ ᠭᠡᠦᠭᠡᠨ ᠤ ᠥᠨᠦᠰᠦᠭ᠍ᠰᠡᠨ ᠣᠷᠤᠮ
ᠪᠠᠳᠠᠷᠠᠬᠤ ᠰᠠᠷᠠᠯᠠᠩ ᠶᠢᠡᠷ ᠢᠯᠠ ᠬᠠᠷᠠᠭᠳᠠᠨ᠎ᠠ
ᠦᠣᠡᠭᠡᠨ ᠡᠪᠠᠰᠤᠨ ᠤ ᠦᠨᠦᠷ ᠲᠤ ᠬᠤᠷᠭᠤᠳᠠᠵᠤ
ᠠᠳᠤᠭᠤᠳ ᠬᠠᠮᠠᠷ ᠶᠢᠡᠨ ᠬᠦᠩᠭᠡᠨ ᠳᠤᠷᠭᠢᠬᠤ ᠳ᠋ᠤ
ᠭᠡᠳᠡᠭᠡ ᠨᠢ ᠭᠦᠷᠦᠭ᠍ᠰᠡᠨ ᠦᠷᠭᠡᠨ ᠳᠠᠯ᠎ᠠ
ᠭᠤᠯᠢᠶ᠎ᠠ ᠶᠢᠨ ᠳᠠᠭᠤᠨ ᠶᠢᠡᠷ ᠢᠨᠢᠶᠠᠳᠤ ᠠᠯᠳᠠᠨ᠎ᠠ
ᠨᠡᠭᠦᠳᠡᠯᠯᠡᠵᠤ ᠥᠩᠭᠡᠷᠡᠭᠦ ᠡᠭᠦᠯᠡᠨ ᠰᠡᠭᠦᠳᠡᠷ
ᠨᠢᠯᠪᠣᠰᠤᠨ ᠳᠤᠰᠤᠯ ᠰᠢᠭ ᠭᠠᠵᠠᠷ ᠳᠤᠰᠬᠤ ᠳ᠋ᠤ
ᠨᠠᠭᠠᠳᠴᠤ ᠪᠠᠢ᠌ᠬᠤ ᠪᠠᠨ ᠳᠠᠭ᠎ᠠ ᠰᠠᠷᠪᠠᠤᠨ
ᠨᠠᠳᠬᠤᠵᠤ ᠭᠠᠷᠤᠭᠠᠤᠨ ᠰᠠᠨᠠᠭᠠᠨ ᠳᠤ ᠣᠷᠤᠨ᠎ᠠ
ᠨᠠᠷᠠᠨ ᠡᠪᠦᠭᠡᠨ ᠳᠠᠯ᠎ᠠ ᠶᠢ ᠪᠠᠬᠠᠷᠬᠠᠵᠤ
᠊ᠭ᠍ᠷᠡᠳᠦ᠋ᠰ ᠶᠢᠡᠨ ᠨᠠᠮᠠᠵᠤ ᠳᠠᠭᠠᠵᠢᠩ ᠭᠢᠭᠦ ᠳ᠋ᠤ
ᠨᠠᠪᠴᠢᠨ ᠤ ᠳᠤᠤᠷ᠎ᠠ ᠪᠣᠷᠤ ᠴᠢᠯᠠᠭᠤᠳ
ᠬᠠᠯᠠᠭᠤᠨ ᠡᠴᠡ ᠵᠠᠢ᠌ᠳᠠᠵᠤ ᠰᠡᠭᠦᠳᠡᠷ ᠡᠷᠢᠨ᠎ᠡ
ᠬᠤᠨᠢᠴᠢᠨ ᠦᠬᠢᠨ ᠤ ᠣᠶᠠᠩᠭ᠋ᠠᠳᠤ ᠳᠠᠭᠤᠨ
ᠬᠤᠯᠠ ᠶᠢᠨ ᠬᠤᠯᠠ ᠡᠴᠡ ᠴᠤᠤᠷᠢᠶᠠᠯᠠᠵᠤ ᠢᠷᠡᠭᠦ ᠳ᠋ᠤ
ᠬᠤᠤᠰ ᠬᠤᠤᠰ ᠶᠢᠡᠷ ᠭᠡᠭᠡᠷ᠎ᠡ ᠶᠢᠨ ᠪᠣᠯᠵᠤᠮᠤᠷ
ᠬᠤᠷᠮᠤᠰᠳᠠ ᠶᠢᠨ ᠳᠠᠩᠨᠠᠢ ᠳᠤ ᠪᠦᠵᠢᠭ᠌ ᠬᠠᠪᠰᠤᠷᠭᠠᠨ᠎ᠠ
ᠡᠭᠦᠯᠡᠨ ᠴᠠᠭᠠᠨ ᠮᠤᠩᠭ᠋ᠤᠯ ᠭᠡᠷ ᠤᠳ
ᠡᠷᠭᠢᠮᠰᠦᠭ᠌ ᠰᠠᠢ᠌ᠬᠠᠨ ᠵᠠᠪᠢᠯᠠᠵᠤ ᠰᠠᠭᠤᠬᠤ ᠳ᠋ᠤ
ᠡᠭᠦᠳᠡᠨ ᠤ ᠭᠢᠨᠢ ᠳᠡᠷᠭᠡᠳᠡ ᠬᠤᠳᠠᠴᠢ ᠨᠤᠬᠠᠤᠨ
ᠦᠳᠡ ᠶᠢᠨ ᠨᠣᠢ᠌ᠷ ᠶᠢᠡᠨ ᠰᠠᠯᠪᠢᠵᠤ ᠬᠠᠷᠠᠭᠳᠠᠨ᠎ᠡ
ᠪᠣᠷᠭᠠᠰᠤᠨ ᠭᠦᠯᠦᠭ᠌ ᠲᠡᠶ ᠢᠠᠵᠠᠭᠠᠨ ᠵᠢᠭᠠᠯ ᠤᠳ
《ᠪᠠᠢ᠌ᠯᠳᠤᠭᠠᠨ》 ᠭᠢᠭᠡᠳ ᠳᠠᠪᠭᠢᠯᠳᠤᠵᠤ ᠪᠠᠢ᠌ᠬᠤ ᠳ᠋ᠤ
ᠰᠠᠨᠠᠭ᠎ᠠ ᠴᠠᠢ᠌ᠯᠭᠠᠨ ᠮᠤᠩᠭ᠋ᠤᠯ ᠪᠦᠰᠡᠭᠦᠢᠳ
ᠰᠡᠭᠦᠳᠡᠷ ᠣᠷᠤᠭᠤ ᠬᠡᠦᠬᠡᠳ ᠶᠢᠡᠨ ᠳᠠᠯᠠᠯᠤᠨ᠎ᠠ᠃
ᠳᠠᠩᠰᠤᠭ ᠰᠠᠢ᠌ᠬᠠᠨ ᠮᠤᠩᠭ᠋ᠤᠯ ᠠᠮᠢᠳᠤᠷᠠᠯ
ᠳᠠᠯ᠎ᠠ ᠡᠴᠡ ᠰᠡᠮᠡᠭᠡᠷ ᠦᠨᠳᠠᠢ᠌ᠵᠤ ᠪᠣᠰᠬᠤ ᠳ᠋ᠤ
ᠳᠤᠭᠤᠰᠤ ᠦᠭᠡᠶ ᠰᠠᠢ᠌ᠬᠠᠨ ᠮᠤᠩᠭ᠋ᠤᠯ ᠵᠢᠷᠤᠭ
ᠳᠡᠯᠡᠭᠡᠢ ᠡᠮᠵᠢᠶᠡᠷᠢᠯᠡᠵᠤ ᠬᠠᠷᠠᠭ᠎ᠠ ᠪᠠᠶᠠᠰᠬᠠᠨ᠎ᠠ᠃
2003.9.9 〈ᠨᠤᠳᠤᠭ ᠬᠠᠢ᠌ᠯᠠᠰᠤᠨᠠ〉
ᠵᠤᠬᠢᠶᠠᠭᠴᠢ ᠶᠢᠨ ᠬᠠᠶᠢᠭ᠄ ᠣᠯᠠᠭᠠᠠᠬᠠᠳᠠ ᠬᠤᠳᠠ ᠶᠢᠨ ᠬᠤᠧᠨ ᠰᠢᠶᠠ ᠠᠵᠢᠯ ᠮᠡᠷᠭᠡᠵᠢᠯ ᠤᠨ ᠰᠤᠷᠭᠠᠭᠤᠯᠢ
ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 09 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ