ᠨᠡᠪᠲᠡᠷᠡᠨ ᠤᠷᠤᠬᠤ
ᠤᠤ ᠮᠦᠷᠠᠨ ᠤ ᠣᠰᠤᠨ

ᠣᠤᠭᠤᠵᠤ ᠭᠦᠷᠭᠦ ᠦᠭᠡᠶ ᠣᠰᠤᠨ ᠭᠡᠵᠤ

ᠣᠷᠢᠳᠤ ᠭᠠᠭᠴᠠ ᠱᠠᠭᠳᠠᠷ ᠭᠡᠯᠡᠯ᠎ᠡ ᠭᠡᠳᠡᠭ᠌

ᠣᠤ ᠮᠦᠷᠠᠨ ᠬᠠᠮᠢᠭ᠎ᠠ ᠪᠠᠢ᠌ᠨ᠎ᠠ ᠭᠡᠵᠤ

ᠣᠳᠤ ᠣᠯᠠᠨ ᠱᠠᠭᠳᠠᠷ ᠤᠳ ᠡᠷᠢᠵᠤ ᠡᠭᠢᠯᠡᠪᠡ᠂


ᠡᠨᠡᠭᠦᠷ ᠣᠷᠤᠰᠴᠤ ᠪᠠᠢ᠌ᠭᠰᠠᠨ ᠶᠤᠮ ᠭᠡᠵᠤ

ᠳᠡᠭᠡᠳᠤ ᠣᠷᠤᠰᠬᠠᠯ ᠤᠨ ᠭᠢᠨᠢ ᠡᠪᠦᠭᠡᠳ

ᠳᠤᠤᠷ᠎ᠠ ᠳᠠᠭᠤᠨ ᠵᠢᠠᠷ

ᠬᠠᠩᠭᠢᠨᠠᠮ᠎ᠠ ᠬᠠᠭᠤᠷᠠᠢ ᠭᠡᠯᠡᠵᠤ ᠪᠠᠢ᠌ᠯ᠎ᠠ᠂


ᠡ᠊ᠨᠳᠡ ᠪᠠᠢ᠌ᠨ᠎ᠠ ᠭᠡᠵᠤ

ᠳᠠᠰᠤᠷᠠᠵᠤ ᠥᠯᠡᠳᠡᠭ᠍ᠰᠡᠨ ᠭᠡᠰᠡᠭ᠌ ᠨᠢ

ᠳᠠᠷᠢᠶᠠᠨ ᠱᠠᠩ ᠣᠷᠤᠭᠤ ᠰᠢᠮᠰᠢᠷᠠᠨ ᠣᠷᠤᠬᠤ ᠳᠤ ᠪᠠᠨ

ᠵᠥᠳᠡᠭᠦᠭᠡᠨ ᠭᠡᠯᠡᠵᠤ ᠠᠮᠵᠢᠪᠠ᠂

ᠣᠤ ᠮᠦᠷᠠᠨ

ᠳᠡᠭ᠍ᠷᠢ ᠶᠢᠨ ᠭᠤᠤᠯ ᠶᠤᠮ ᠡ

ᠳᠡᠰᠭᠦ ᠦᠭᠡᠶ ᠪᠣᠯᠬᠤᠨᠠᠷᠠᠨ

ᠳᠡᠭ᠍ᠷᠢ ᠳᠤ ᠪᠠᠨ ᠳᠡᠭ᠍ᠳᠡᠯ᠎ᠡ ᠰᠢᠤ ᠭᠡᠨ᠎ᠡ᠂


ᠣᠤ ᠮᠦᠷᠠᠨ

ᠭᠠᠵᠠᠷ ᠤᠨ ᠮᠦᠷᠠᠨ ᠶᠤᠮ ᠡ

ᠭᠠᠩᠰᠠᠷᠠᠬᠤ ᠳᠤ ᠪᠠᠨ

ᠭᠠᠵᠠᠷ ᠲᠤ ᠪᠠᠨ ᠰᠢᠩᠭᠡᠯ᠎ᠡ ᠰᠢᠤ ᠭᠡᠨ᠎ᠡ᠂


ᠣᠤ ᠮᠦᠷᠠᠨ

ᠳᠡᠦᠭᠡ ᠶᠢᠨ ᠣᠰᠤᠨ ᠶᠤᠮ ᠡ

ᠳᠦᠭᠡ ᠭᠢᠷᠢᠭᠡᠨ ᠦᠯᠠᠳᠠᠪᠠᠴᠤ

ᠭᠦᠭᠡ ᠰᠤᠳᠤᠷ ᠲᠤ ᠣᠷᠤ ᠲᠡᠶ ᠰᠢᠤ ᠭᠡᠨ᠎ᠡ᠂


ᠣᠤᠭᠤᠵᠤ ᠭᠦᠷᠭᠦ ᠦᠭᠡᠶ ᠶᠤᠮ ᠤᠤ

ᠣᠷᠤᠰᠴᠤ ᠪᠠᠷᠠᠬᠤ ᠦᠭᠡᠶ ᠶᠤᠮ ᠤᠤ

ᠣᠯᠤᠰ ᠤᠳ ᠣᠴᠢᠷ ᠮᠡᠳᠡᠭᠦ ᠦᠭᠡᠶ ᠳ᠋ᠤ

ᠣᠰᠤ ᠨᠢ ᠦᠪᠡᠷ ᠶᠢᠡᠨ ᠮᠠᠳᠠᠨ᠎ᠡ᠂


ᠣᠤ ᠮᠦᠷᠠᠨ

ᠮᠢᠨᠤ ᠭᠤᠤᠯ ᠤᠨ ᠴᠢᠰᠤ

ᠣᠤ ᠮᠦᠷᠠᠨ

ᠮᠠᠨ ᠤ ᠵᠤᠯᠠ ᠶᠢᠨ ᠳᠤᠰᠤ

ᠠᠢ ᠣᠤ ᠮᠦᠷᠠᠨ ᠮᠢᠨᠢ ᠡ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ᠂   ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12372
ᠴᠠᠭ᠄ 2011 ᠤᠨ ᠤ 11 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ