☆ ᠯ·ᠣᠳᠤᠨ
ᠪᠣᠳᠤᠯ ᠳᠤ ᠬᠤᠷᠭᠤᠳᠠᠭᠰᠠᠨ ᠪᠣᠭᠤᠮ ᠤᠨ ᠭᠤᠤᠯ
ᠪᠣᠳᠤᠯ ᠰᠡᠳᠭᠢᠯ ᠳᠤ ᠶᠠᠭᠤ ᠨᠢᠭᠡ ᠶᠢ ᠰᠠᠨᠠᠭᠳᠠᠭᠤᠯᠤᠨ ᠥᠩᠭᠡᠷᠡᠳᠡᠭ᠌ ᠪᠣᠭᠤᠮ ᠤᠨ ᠭᠤᠤᠯ ᠤᠨ ᠭᠦᠪᠠᠭᠡᠨ ᠳᠤ ᠭᠦᠷᠴᠤ ᠢᠷᠠᠯ᠎ᠠ᠃
ᠡᠷᠭᠢ ᠭᠦᠪᠠᠭᠡ ᠶᠢᠨ ᠡᠪᠠᠰᠤ ᠨᠢ ᠴᠠᠭ ᠡᠴᠡ ᠪᠠᠨ ᠡᠷᠳᠡ ᠰᠢᠷᠠᠯᠠᠨ ᠬᠠᠳᠠᠭᠰᠠᠨ ᠪᠣᠭᠤᠮ ᠤᠨ ᠭᠤᠤᠯ᠂ ᠥᠩᠭᠡᠷᠡᠵᠤ ᠣᠳᠤᠭᠰᠠᠨ ᠠᠮᠢᠳᠤᠷᠠᠯ ᠬᠠᠢ᠌ᠷ᠎ᠠ ᠶᠢᠨ ᠨᠢᠮᠭᠡᠨ ᠦᠯᠢᠭᠡᠷ ᠡᠴᠡ ᠶᠠᠭᠤ ᠨᠢᠭᠡ ᠶᠢ ᠰᠢᠪᠠᠨᠡᠭᠦ ᠰᠢᠭ᠌ ᠪᠣᠯᠤᠨ ᠨᠠᠮ ᠨᠠᠮᠤᠭᠤᠬᠠᠨ ᠱᠤᠤᠭᠢᠨ ᠣᠷᠤᠰᠤᠨ᠎ᠠ᠃ ᠡᠨᠡ ᠵᠢᠯ ᠤᠨ ᠨᠠᠮᠤᠷ᠂ ᠪᠣᠭᠤᠮ ᠤᠨ ᠭᠤᠤᠯ ᠮᠢᠨᠢ ᠨᠠᠩ ᠡᠵᠡᠭᠦᠢᠷᠡᠨ ᠬᠤᠭᠤᠰᠤᠷᠠᠭᠠᠤᠨ ᠥᠩᠭᠡᠷᠡᠭ᠍ᠰᠡᠨ ᠳᠤ ᠨᠠᠮᠤᠷ ᠤᠨ ᠳᠤᠯᠠᠭᠠᠨ ᠨᠠᠷᠠ ᠰᠢᠷᠠᠵᠤ᠂ ᠭᠦᠶᠦᠭᠡᠨ ᠭᠤᠤᠯ ᠤᠨ ᠣᠰᠤᠨ ᠳᠤ ᠭᠠᠳᠤᠯᠠᠨ ᠥᠢᠮᠡᠳᠡᠭ᠌ ᠪᠠᠢ᠌ᠭᠰᠠᠨ ᠣᠯᠠᠨ ᠠᠯᠢᠶ᠎ᠠ ᠬᠡᠦᠬᠡᠳ ᠶᠢᠡᠨ ᠥᠭᠡᠢ᠌ᠯᠡᠨ ᠥᠭᠡᠢ᠌ᠯᠡᠵᠤ᠂ ᠡᠭᠢ ᠳᠡᠭᠦᠰᠭᠡᠯ ᠦᠭᠡᠶ ᠮᠦᠷᠦᠭᠡᠳᠦᠯ ᠤᠨ ᠰᠢᠷ᠎ᠠ ᠮᠠᠨᠠᠨ ᠳᠤ ᠳᠤᠨᠤᠨ ᠪᠠᠢ᠌ᠯ᠎ᠠ᠃
《ᠴᠢᠮ᠎ᠠ ᠲᠡᠶ ᠢᠵᠢᠯᠢᠰᠢᠭᠦ ᠭᠡᠵᠤ ᠨᠢᠭᠡ ᠵᠢᠯ ᠴᠢᠷᠮᠠᠢ᠌ᠯ᠎ᠠ᠂ ᠴᠢᠮ᠎ᠠ ᠶᠢ ᠮᠠᠷᠳᠠᠬᠤ ᠭᠡᠵᠤ ᠨᠢᠭᠡ ᠨᠠᠰᠤ ᠪᠠᠷ ᠶᠢᠡᠨ ᠴᠢᠷᠮᠠᠢ᠌ᠬᠤ ᠪᠠᠢ᠌ᠬᠤ ᠳ᠋ᠠ︕》 ᠭᠡᠴᠢᠭᠡᠭᠡᠳ ᠡᠨᠡ ᠭᠤᠤᠯ ᠤᠨ ᠭᠦᠪᠠᠭᠡᠨ ᠳᠤ ᠴᠢᠮ᠎ᠠ ᠲᠡᠶ ᠵᠡᠷᠭᠡᠴᠡᠨ ᠰᠠᠭᠤᠭᠠᠤᠨ ᠠᠯᠤᠰ ᠳᠡᠭ᠍ᠷᠢ ᠶᠢᠨ ᠬᠤᠷᠮᠤᠢ ᠪᠠᠷ ᠭᠦᠪᠦᠨ ᠨᠡᠭᠦᠳᠡᠯᠯᠡᠭᠦ ᠦᠨᠦᠴᠢᠨ ᠴᠠᠭᠠᠨ ᠡᠭᠦᠯᠡ ᠶᠢ ᠰᠢᠷᠳᠠᠨ ᠪᠠᠢ᠌ᠭᠰᠠᠨ ᠠᠯᠳᠠᠨ ᠬᠤᠷᠤᠮ ᠮᠢᠨᠢ ᠰᠠᠨᠠᠭᠳᠠᠯ᠎ᠠ ᠁
ᠨᠠᠮᠤᠷ ᠤᠨ ᠴᠠᠭᠠᠨ ᠵᠢᠪᠠᠷ ᠲᠤ ᠮᠤᠳᠤᠳ ᠤᠨ ᠨᠠᠪᠴᠢᠰ ᠰᠠᠮᠨᠠᠭᠳᠠᠨ ᠭᠡᠢ᠌ᠰᠴᠤ᠂ ᠭᠤᠤᠯ ᠤᠨ ᠣᠰᠤᠨ ᠳᠤ ᠣᠨᠠᠭᠠᠤᠨ ᠣᠶᠠᠷᠠᠯᠳᠠᠢ ᠪᠠᠷ ᠠᠯᠤᠰ ᠤᠨ ᠠᠯᠤᠰ ᠲᠤ ᠨᠡᠭᠦᠨ ᠨᠡᠭᠦᠨ᠎ᠡ᠃
《ᠭᠤᠤᠯ ᠤᠨ ᠣᠰᠤᠨ ᠳᠤ ᠣᠨᠠᠭᠠᠤᠨ ᠬᠠᠢ᠌ᠷ᠎ᠠ ᠨᠠᠢ᠌ᠷ ᠦᠭᠡᠶ ᠳᠠᠭᠤᠭᠳᠠᠨ ᠣᠷᠤᠰᠴᠤ ᠶᠠᠪᠣᠭ᠎ᠠ ᠨᠠᠮᠤᠷ ᠤᠨ ᠦᠨᠦᠴᠢᠨ ᠨᠠᠪᠴᠢ ᠭᠢᠭᠡᠳ ᠭᠤᠯᠭᠤᠬᠤ ᠴᠠᠭ ᠤᠨ ᠭᠦᠷᠳᠤᠨ ᠳᠤ ᠦᠪᠡᠷ ᠤᠨ ᠡᠷᠭᠡ ᠦᠭᠡᠶ ᠡᠯᠡᠭ᠍ᠳᠡᠨ ᠰᠠᠮᠠᠷᠠᠵᠤ ᠪᠠᠢ᠌ᠭ᠎ᠠ ᠠᠮᠢᠳᠤᠷᠠᠯ ᠤᠨ ᠰᠠᠢ᠌ᠬᠠᠨ ᠳᠤᠷᠠᠰᠤᠮᠵᠢ ᠬᠤᠶᠠᠷ ᠤᠨ ᠬᠤᠪᠢ ᠳᠠᠪᠢᠯᠠᠩ ᠶᠠᠭᠠᠭᠢᠭᠰᠠᠨ ᠠᠳᠠᠯᠢ ᠪᠣᠢ︖》 ᠭᠡᠵᠤ ᠪᠣᠳᠤᠬᠤ ᠳᠤ ᠰᠠᠨᠠᠭ᠎ᠠ ᠰᠡᠳᠭᠢᠯ ᠤᠨ ᠥᠵᠦᠭᠦᠷ ᠶᠢᠡᠷ ᠣᠢ᠌ᠤᠠᠬᠠᠷ ᠪᠣᠭᠢᠨᠢᠳᠤᠯ ᠤᠨ ᠵᠥᠭᠡᠯᠡᠨ ᠰᠠᠯᠭᠢ ᠢᠯᠪᠢᠭᠡᠳ ᠥᠩᠭᠡᠷᠡᠨ᠎ᠡ᠃
ᠲ᠋ᠠᠷᠠ ᠵᠢᠯ᠂ ᠮᠦᠨ ᠡᠢ᠌ᠮᠤ ᠨᠢᠭᠡᠨ ᠬᠤᠷ᠎ᠠ ᠣᠰᠤ ᠨᠢ ᠳᠡᠩᠴᠡᠭ᠍ᠰᠡᠨ ᠬᠤᠯᠠᠨ ᠰᠢᠷᠭᠠᠯ ᠨᠠᠮᠤᠷ ᠨᠠᠳᠠ ᠶᠢ ᠠᠩᠬ᠎ᠠ ᠡ᠊ᠨᠳᠡ ᠢᠷᠡᠭᠦ ᠳᠤ᠂ ᠡᠨᠡ ᠡᠪᠳᠡᠷᠭᠡᠢ ᠪᠣᠷᠤ ᠳᠤᠰᠬᠤᠨ ᠤ ᠶᠠᠭᠤ ᠪᠦᠭᠦᠨ ᠨᠢ ᠳᠠᠩᠴᠤ ᠡᠵᠡᠭᠦᠢ ᠬᠤᠭᠤᠰᠤᠨ᠂ ᠢᠯᠤᠮ ᠵᠢᠯᠤᠮ ᠰᠠᠨᠠᠭᠳᠠᠭᠰᠠᠨ ᠴᠤ ᠳᠤᠷᠠᠨ ᠰᠢᠭ ᠬᠠᠷ᠎ᠠ ᠨᠢᠳᠤ ᠲᠡᠶ ᠠᠢ᠌ᠯ ᠤᠨ ᠭᠦᠭᠡᠷᠦᠭᠦᠨ ᠭᠡᠦᠭᠡᠨ ᠲᠡᠶ ᠬᠠᠮᠳᠤ ᠠᠵᠢᠯᠯᠠᠬᠤ ᠪᠣᠯᠤᠭᠰᠠᠨ ᠳᠠᠭᠠᠨ ᠰᠡᠳᠭᠢᠯ ᠮᠢᠨᠢ ᠳᠠᠩᠳᠠ ᠪᠠᠨ ᠳᠠᠭᠤᠯᠠᠳᠠᠭ ᠪᠠᠢ᠌ᠯ᠎ᠠ᠃ ᠣᠤᠭᠠᠨ ᠬᠠᠢ᠌ᠷ᠎ᠠ᠂ ᠣᠨᠠᠭᠠᠨ ᠳᠤᠷᠠᠯᠠᠯ ᠶᠢᠡᠷ ᠮᠢᠨᠢ ᠱᠠᠩᠳᠠᠭᠤᠷᠠᠨ ᠬᠠᠯᠢᠭᠤᠷᠠᠭᠰᠠᠨ ᠡᠨᠡ ᠵᠢᠯ ᠤᠨ ᠨᠠᠮᠤᠷ᠂ ᠦᠷᠭᠦᠯᠵᠢ ᠮᠥᠩᠭᠡ ᠪᠠᠢ᠌ᠳᠠᠭ ᠪᠣᠯᠤᠭᠠᠰᠠᠢ ᠭᠡᠳ ᠰᠡᠳᠭᠢᠯ ᠳᠡᠭᠡᠨ ᠮᠦᠨ ᠣᠯᠠᠨ ᠵᠠᠯᠪᠠᠷᠢᠵᠤ ᠪᠠᠢ᠌ᠭᠰᠠᠨ ᠡ︕
ᠡᠳᠦᠷᠵᠢᠨ ᠳᠤᠭᠤᠰᠤᠨ ᠳᠤᠯᠤᠭᠠᠢ ᠲᠡᠶ᠂ ᠳᠤᠰᠤᠨ ᠴᠢᠷᠠᠢ ᠲᠡᠶ ᠭᠦᠳᠡᠭᠡ ᠶᠢᠨ ᠪᠣᠷᠤ ᠬᠡᠦᠬᠡᠳ ᠲᠡᠶ ᠵᠢᠭᠤᠷᠠᠵᠤ᠂ ᠣᠷᠤᠢ ᠨᠢ ᠯᠠ ᠶᠢᠨ ᠭᠡᠷᠡᠯ ᠳᠤ ᠨᠤᠮ ᠦᠵᠡᠨ ᠰᠦᠨᠢ ᠬᠠᠭᠠᠰᠯᠠᠳᠠᠯᠠ ᠭᠡᠪᠳᠡᠭ᠍ᠰᠡᠨ ᠴᠤ ᠪᠣᠷᠠᠮ ᠰᠢᠭ ᠪᠣᠮᠠᠨ ᠪᠣᠳᠤᠯ ᠳᠤ ᠠᠪᠳᠠᠨ ᠪᠦᠳᠡᠭᠡᠯᠭᠡ ᠲᠡᠶ ᠴᠤᠩᠬᠤᠨ ᠵᠠᠪᠰᠠᠷ ᠶᠢᠡᠷ ᠰᠢᠷᠭᠤᠵᠤ ᠢᠷᠡᠭᠦ ᠣᠠᠴᠠ ᠶᠢᠨ ᠭᠠᠭᠴᠠ ᠣᠳᠤ ᠶᠢ ᠰᠡᠳᠭᠢᠯ ᠳᠡᠭᠡᠨ ᠥᠮᠴᠢᠷᠭᠡᠨ ᠪᠦᠳᠤᠨ ᠪᠦᠳᠤᠨ ᠰᠦᠨᠢ ᠶᠢ ᠨᠣᠢ᠌ᠷ ᠦᠭᠡᠶ ᠳᠤᠭᠤᠯᠳᠠᠭ ᠪᠠᠢ᠌ᠯ᠎ᠠ᠃
ᠡᠳᠦᠷ ᠬᠤᠨᠤᠭ ᠤᠨ ᠣᠳᠠᠭᠠᠨ ᠳᠤ ᠦᠷᠤ ᠵᠢᠷᠦᠭᠡᠨ ᠳᠤ ᠪᠣᠯᠪᠠᠰᠤᠷᠠᠵᠤ ᠦᠷᠡᠯᠡᠭ᠍ᠰᠡᠨ ᠬᠠᠢ᠌ᠷ᠎ᠠ ᠶᠢᠨ ᠠᠷᠢᠭᠤᠨ ᠵᠢᠮᠢᠰ ᠶᠢᠡᠨ ᠠᠢ᠌ᠯ ᠤᠨ ᠭᠡᠦᠭᠡᠨ ᠳᠤ ᠶᠠᠭᠠᠭᠢᠵᠤ ᠦᠭᠭᠦ ᠪᠠᠨ ᠣᠯᠬᠤ ᠦᠭᠡᠶ ᠮᠤᠬᠤᠷᠳᠠᠵᠤ᠂ ᠦᠳᠡᠰᠢ ᠶᠢᠨ ᠪᠦᠷᠦᠢ ᠪᠠᠷ ᠬᠤᠯᠠᠭᠠᠢ᠌ᠴᠢ ᠰᠢᠭ ᠪᠠᠢ᠌ᠷᠢ ᠶᠢᠨ ᠭᠢᠨᠢ ᠡᠭᠦᠳᠡ ᠪᠠᠷ ᠡᠷᠭᠢᠴᠡᠨ ᠡᠷᠭᠢᠴᠡᠳᠡᠭ᠌ ᠪᠠᠢ᠌ᠭᠰᠠᠨ ᠬᠠᠯᠠᠳᠠᠢ ᠬᠤᠩᠭ᠋ᠤᠷ ᠮᠦᠴᠡ ᠡᠭᠡᠭᠡ ᠯᠠ ᠦᠴᠦᠭᠡᠳᠦᠷ ᠤᠨ ᠶᠤᠮ ᠰᠢᠭ ᠪᠣᠳᠤᠭᠳᠠᠨ᠎ᠠ᠃ ᠪᠣᠳᠠ ᠰᠤᠬᠠᠢ ᠶᠢᠨ ᠳᠤᠮᠳᠠᠭᠤᠷ ᠪᠣᠭᠤᠮ ᠤᠨ ᠭᠤᠤᠯ ᠤᠨ ᠣᠰᠤ ᠣᠷᠤᠰᠤᠭᠠᠤᠨ ᠥᠩᠭᠡᠷᠡᠳᠡᠭ᠌ ᠴᠤ ᠪᠣᠳᠤᠯ ᠵᠢᠷᠦᠭᠡᠨ ᠳᠤ ᠨᠡᠪᠴᠢᠭ᠍ᠰᠡᠨ ᠳᠤᠷᠠᠳᠬᠠᠯ ᠮᠦᠷᠦᠭᠡᠳᠦᠯ ᠤᠨ ᠨᠤᠭᠤᠭᠠᠨ ᠪᠣᠳᠤᠭ ᠭᠡᠵᠢᠶ᠎ᠡ ᠴᠤ ᠭᠠᠷᠳᠠᠭ ᠦᠭᠡᠶ ᠪᠠᠢ᠌ᠵᠤ ᠯᠠ ᠳ᠋ᠠ︕ ᠳᠡᠭᠡᠭᠡᠳ ᠪᠦᠳᠤᠨ ᠨᠠᠰᠤ᠂ ᠪᠦᠭᠦᠯᠢ ᠵᠠᠶᠠᠭᠠᠨ ᠤ ᠮᠢᠨᠢ ᠭᠡᠭᠡᠵᠤ ᠪᠣᠯᠤᠰᠢ ᠦᠭᠡᠶ ᠨᠢᠭᠡ ᠭᠡᠰᠡᠭ᠌ ᠪᠣᠯᠤᠨ ᠴᠡᠯᠭᠡᠷᠡᠵᠤ᠂ ᠪᠣᠳᠤᠯ ᠰᠡᠳᠭᠢᠯ ᠤᠨ ᠨᠠᠭᠤᠷ ᠲᠤ ᠴᠢᠯᠠᠭᠤ ᠪᠣᠯᠤᠨ ᠳᠤᠨᠤᠭᠰᠠᠨ ᠪᠠᠢ᠌ᠯ᠎ᠠ᠃
ᠰᠤᠷᠭᠠᠭᠤᠯᠢ ᠶᠢᠨ ᠭᠦᠷᠢᠶᠡᠨ ᠤ ᠡᠭ᠍ᠴᠡ ᠠᠷᠤ ᠳᠤ ᠪᠠᠢ᠌ᠳᠠᠭ ᠱᠤᠪᠣᠭᠤᠷ ᠭᠦᠭᠡ ᠱᠠᠯᠠ ᠶᠢᠨ ᠣᠷᠤᠢ ᠳᠡᠭᠡᠷ᠎ᠡ ᠭᠠᠷᠴᠤ ᠰᠠᠭᠤᠭᠠᠤᠨ᠄ 《ᠴᠢ ᠪᠣᠯ ᠶᠠᠭ ᠨᠢᠭᠡ ᠭᠡᠰᠡᠭ᠌ ᠴᠠᠭᠠᠨ ᠡᠭᠦᠯᠡ᠂ ᠴᠡᠩᠭᠡᠷ ᠳᠡᠭ᠍ᠷᠢ ᠡᠴᠡ ᠱᠠᠭᠢᠬᠤ ᠴᠢᠩ ᠬᠠᠢ᠌ᠷ᠎ᠠ ᠶᠢᠨ ᠪᠣᠷᠤᠭᠠᠨ》 ᠭᠡᠳ ᠡᠵᠡᠭᠦᠢ ᠭᠦᠭᠡ ᠱᠠᠯᠠ ᠶᠢ ᠣᠶᠠᠷᠠᠵᠤ ᠬᠠᠢ᠌ᠯᠤᠳᠠᠯᠠ ᠨᠢ ᠳᠠᠭᠤᠯᠠᠳᠠᠭ ᠪᠠᠢ᠌ᠭᠰᠠᠨ ᠣᠶᠠᠷᠠᠯᠳᠠᠢ ᠨᠠᠮᠤᠭᠤᠬᠠᠨ ᠳᠠᠭᠤᠨ ᠴᠢᠨᠢ ᠶᠠᠭ ᠠᠯᠤᠰ ᠡᠴᠡ ᠱᠤᠤᠭᠢᠨ ᠢᠷᠡᠭᠦ ᠰᠢᠭ᠌ ᠁
ᠴᠢᠨᠤ ᠬᠠᠮᠤᠭ ᠤᠨ ᠳᠠᠭᠤᠯᠠᠬᠤ ᠳᠤᠷᠠᠳᠠᠢ ᠡᠨᠡ ᠳᠠᠭᠤᠨ ᠳᠤ ᠴᠢᠨᠢ ᠣᠶᠠᠩᠭ᠋ᠠᠷᠠᠵᠤ᠂ ᠳᠤᠷᠠᠯᠠᠯ ᠳᠤ ᠴᠢᠨᠢ ᠭᠦᠪᠪᠦᠳᠡᠭ᠌ ᠪᠠᠢ᠌ᠭᠰᠠᠨ 《ᠳᠠᠷᠠ ᠭᠡᠰᠡᠭ᠌ ᠴᠠᠭᠠᠨ ᠡᠭᠦᠯᠡ》 ᠴᠤᠬᠤᠮ ᠭᠡᠨ ᠪᠣᠯ︖ ᠭᠡᠳ ᠦᠨᠦᠳᠤᠷ ᠢᠳᠡᠭᠡᠯ ᠰᠡᠳᠭᠢᠯ ᠶᠢᠡᠨ ᠬᠤᠭᠤᠰᠤᠨ ᠮᠦᠷᠦᠭᠡᠳᠦᠯ ᠶᠢᠡᠷ ᠬᠠᠭᠤᠷᠴᠤ ᠵᠤᠭᠰᠤᠬᠤ ᠳᠤ ᠪᠣᠭᠤᠮ ᠤᠨ ᠭᠤᠤᠯ ᠤᠨ ᠣᠰᠤ ᠶᠠᠭᠠᠭᠢᠭᠰᠠᠨ ᠭᠠᠰᠢᠭᠤᠨ ᠪᠣᠢ ⁉
ᠨᠠᠮᠤᠷ ᠤᠨ ᠳᠡᠭ᠍ᠷᠢ ᠪᠠᠷ ᠵᠠᠯᠠᠯᠠᠨ ᠨᠡᠭᠦᠳᠡᠯᠯᠡᠭᠦ ᠳᠤᠭᠤᠷᠤᠤ ᠶᠢ ᠭᠡᠰᠡᠭ᠌ ᠬᠠᠷᠠᠭᠠᠤᠨ ᠪᠢ᠂ ᠭᠠᠯᠵᠠᠭᠤ ᠬᠤᠷᠢᠨ ᠨᠠᠰᠤᠨ ᠤ ᠮᠢᠨᠢ ᠭᠠᠯ ᠬᠠᠢ᠌ᠷ᠎ᠠ ᠶᠢᠨ ᠭᠠᠭᠴᠠ ᠳᠤᠭᠤᠷᠤᠤ ᠴᠤ ᠬᠤᠯᠠᠳᠠᠭᠠᠤᠨ ᠶᠠᠪᠣᠴᠢᠬᠠᠭᠰᠠᠨ ᠢ ᠰᠠᠶᠢ ᠣᠬᠠᠭᠠᠷᠠᠵᠤ᠂ ᠰᠠᠮᠠᠷᠠᠵᠤ ᠣᠳᠠᠷᠠᠭᠰᠠᠨ ᠠᠮᠠᠷᠠᠭ ᠬᠠᠢ᠌ᠷ᠎ᠠ ᠶᠢᠨ ᠭᠦᠡᠳᠤ ᠮᠦᠷᠦᠭᠡᠳᠦᠯ ᠳᠡᠭᠡᠨ ᠳᠠᠷᠤᠭᠳᠠᠨ ᠰᠤᠷᠭᠠᠭᠤᠯᠢ ᠣᠷᠤᠭᠤ ᠶᠠᠪᠣᠯ᠎ᠠ᠃
ᠠᠩᠬᠠᠨ ᠬᠠᠢ᠌ᠷ᠎ᠠ ᠶᠢᠨ ᠠᠯᠳᠠᠨ ᠭᠠᠯ ᠳᠤ ᠰᠢᠳᠠᠵᠤ᠂ ᠠᠵᠠ ᠢᠷᠦᠭᠡᠯ ᠤᠨ ᠭᠡᠭᠡᠨ ᠳᠤᠶᠠᠭᠠᠨ ᠳᠤ ᠰᠢᠷᠠᠭᠳᠠᠨ ᠶᠠᠪᠣᠭᠰᠠᠨ ᠳᠦᠭᠦᠭᠡᠢ ᠣᠯᠠᠭᠠᠨ ᠨᠠᠰᠤᠨ ᠤ ᠮᠢᠨᠢ ᠶᠠᠪᠠᠭᠠᠨ ᠦᠯᠢᠭᠡᠷ ᠤᠳ ᠦᠨᠦᠴᠢᠨ ᠪᠣᠷᠤ ᠳᠤᠰᠬᠤᠨ ᠤ ᠥᠡᠴᠦᠭ᠌ ᠪᠣᠯᠤᠩ ᠶᠢᠡᠷ ᠮᠦᠨᠳᠤᠷ ᠰᠢᠭ᠌ ᠪᠦᠮᠪᠦᠷᠢᠵᠤ᠂ ᠮᠦᠰᠤ ᠰᠢᠭ᠌ ᠭᠢᠯᠠᠢ᠌ᠵᠤ ᠪᠠᠢ᠌ᠨ᠎ᠠ᠃
ᠲ᠋ᠡᠳᠡᠭᠡᠷ ᠵᠢᠯ ᠤᠳ ᠲᠤ ᠬᠠᠪᠣᠷ ᠤᠨ ᠳᠤᠯᠠᠭᠠᠨ ᠪᠣᠯᠤᠮᠠᠭᠴᠠ ᠰᠤᠷᠭᠠᠭᠤᠯᠢ ᠶᠢᠨ ᠡᠭᠦᠳᠡ ᠪᠠᠷ ᠳᠤᠭᠯᠠᠨ ᠣᠷᠤᠰᠳᠠᠭ ᠪᠠᠢ᠌ᠭᠰᠠᠨ ᠨᠠᠷᠢᠬᠠᠨ ᠭᠤᠤᠯ ᠤᠨ ᠬᠠᠳᠠᠭᠰᠠᠨ ᠭᠡᠪᠠᠯᠢ ᠳᠤ ᠡᠯᠡᠰᠤ ᠰᠠᠢ᠌ᠷ ᠬᠤᠯᠢᠯᠳᠤᠨ ᠳᠦᠭᠦᠷᠴᠤ᠂ ᠶᠢᠷᠳᠢᠠᠴᠤ ᠶᠢᠨ ᠬᠠᠭᠤᠷᠠᠢ ᠭᠤᠨᠢᠭ ᠢ ᠭᠦᠮᠦᠰ ᠤᠨ ᠴᠢᠭᠢᠨ ᠳᠤ ᠰᠢᠪᠠᠨᠠᠨ ᠥᠭ᠍ᠴᠤ ᠪᠠᠢ᠌ᠯ᠎ᠠ᠃
ᠪᠢ ᠰᠢᠭᠤᠳ ᠶᠠᠪᠣᠭᠰᠠᠭᠠᠷ ᠪᠢᠳᠠ ᠰᠠᠭᠤᠵᠤ ᠪᠠᠢ᠌ᠭᠰᠠᠨ ᠪᠠᠢ᠌ᠷᠢ ᠶᠢᠨ ᠡᠭᠦᠳᠡᠨ ᠳᠤ ᠭᠦᠷᠴᠤ ᠢᠷᠠᠯ᠎ᠠ᠃ ᠵᠢᠪᠠᠷᠠᠵᠤ ᠬᠠᠭᠤᠴᠢᠷᠠᠭᠰᠠᠨ ᠳᠠᠮᠤᠷ ᠴᠤᠤᠵᠢ ᠰᠦᠷ ᠰᠦᠯᠳᠡ ᠦᠭᠡᠶ ᠣᠠᠵᠠᠢ᠌ᠵᠤ᠂ ᠡ᠊ᠨᠳᠡᠭᠢ ᠶᠠᠭᠤ ᠪᠦᠭᠦᠨ ᠨᠢᠭᠡᠨᠲᠡ ᠳᠡᠭᠦᠰᠦᠯ᠎ᠡ ᠭᠡᠰᠡᠨ ᠢ ᠪᠠᠳᠤᠳᠠᠢ ᠨᠤᠳᠠᠯᠠᠵᠤ ᠪᠠᠢ᠌ᠪᠠ᠃
ᠨᠠᠮ᠎ᠠ ᠶᠢ ᠡ᠊ᠨᠳᠡ ᠢᠷᠡᠭ᠍ᠰᠡᠨ ᠠᠩᠬᠠᠨ ᠤ ᠣᠷᠤᠢ ᠶᠢᠨ ᠠᠷᠢᠭᠢᠨ ᠨᠠᠢ᠌ᠷ ᠳᠡᠭᠡᠷ᠎ᠡ᠄ 《ᠡᠷᠡᠭᠡᠯᠡᠭᠦ ᠶᠠᠭᠤ ᠪᠠᠢ᠌ᠬᠤ ᠪᠣᠢ︖ ᠡᠵᠡᠭᠦᠢ ᠱᠠᠯᠠ ᠶᠢᠨ ᠮᠤᠬᠤᠷ ᠲᠤ ᠡᠭᠡᠷᠢᠭ᠍ᠳᠡᠵᠤ ᠬᠤᠷᠢᠭᠳᠠᠭᠰᠠᠨ ᠪᠢᠳᠠᠨ ᠤ ᠵᠠᠶᠠᠭ᠎ᠠ ᠨᠢᠭᠡ ᠶᠤᠮ ᠡ》 ᠭᠡᠳ ᠳᠤᠨᠤᠷᠠᠳᠠᠯ᠎ᠠ ᠰᠢᠷᠳᠠᠰᠭᠢᠵᠤ ᠪᠠᠢ᠌ᠭᠰᠠᠨ ᠳᠠᠷᠠ ᠨᠢᠭᠡ ᠳᠦᠷᠢ ᠭᠡᠵᠢᠶᠡᠳᠡ ᠵᠡᠭᠦᠳᠤᠨ ᠳᠤ ᠢᠷᠡᠭᠦ ᠶᠤᠮ᠃ ᠬᠤᠪᠢ ᠵᠠᠶᠠᠭ᠎ᠠ ᠶᠢ ᠵᠡᠭᠦᠳᠤ ᠪᠠᠷ ᠬᠠᠷᠠᠬᠤ ᠨᠢ ᠶᠡᠭᠡ ᠡ᠊ᠨᠳᠡᠭᠦᠷᠡᠯ ᠪᠠᠢ᠌ᠭ᠎ᠠ ᠴᠤ ᠡᠳᠦᠷ ᠤᠨ ᠮᠢᠩᠭ᠋ᠠᠨ ᠮᠦᠷᠦᠭᠡᠳᠦᠯ ᠶᠢᠡᠨ ᠵᠡᠭᠦᠳᠤᠨ ᠳᠡᠭᠡᠨ ᠮᠠᠨᠠᠬᠤ ᠭᠡᠵᠤ ᠪᠠᠰᠠ ᠵᠢᠷᠭᠠᠯ ᠶᠤᠮ ᠡ︕
ᠨᠠᠰᠤ ᠪᠠᠷ ᠡᠭᠡᠴᠢ ᠪᠠᠢ᠌ᠭᠰᠠᠨ ᠤ ᠴᠤ ᠶᠤᠮ ᠦᠦ᠂ ᠠᠵᠢᠯ ᠣᠢ᠌ᠯᠠ ᠠᠮᠢᠳᠤᠷᠠᠬᠤ ᠶᠢᠨ ᠣᠬᠠᠭᠠᠨ ᠶᠢᠡᠷ ᠨᠠᠮ᠎ᠠ ᠶᠢ ᠭᠡᠳᠦᠢ ᠬᠤᠭᠤᠰᠯᠠᠵᠤ᠂ ᠵᠠᠯᠠᠭᠤ ᠵᠠᠳᠠᠭᠠᠢ ᠨᠠᠰᠤᠨ ᠳᠤ ᠮᠢᠨᠢ ᠳᠠᠶᠠᠭ ᠪᠣᠯᠵᠤ ᠶᠠᠪᠣᠭᠰᠠᠨ᠃ ᠠᠯᠢ ᠴᠤ ᠣᠳᠠᠭ᠎ᠠ ᠪᠢᠯᠠ︖ ᠠᠷᠢᠭᠢᠨ ᠳᠤ ᠥᠭᠦᠳᠡᠯ᠎ᠡ ᠪᠠᠨᠰᠤᠭᠳᠤᠵᠤ᠂ ᠠᠯᠪᠠᠨ ᠭᠡᠷ ᠤᠨ ᠰᠠᠠᠳᠠᠯᠢ ᠳᠡᠭᠡᠷ᠎ᠡ ᠪᠠᠨ ᠰᠠᠭᠤᠭ᠎ᠠ ᠪᠠᠷ ᠶᠢᠡᠨ ᠣᠠᠳᠠᠵᠤ ᠪᠠᠢ᠌ᠬᠤ ᠳᠤ ᠭᠡᠦᠭᠡᠨ ᠳᠠᠮᠢᠷ ᠶᠢᠡᠨ ᠰᠢᠪᠬᠠᠨ ᠲᠦᠰᠢᠵᠤ ᠳᠤᠯᠤᠨ ᠪᠠᠢ᠌ᠷᠢᠨ ᠳᠤ ᠴᠢᠷᠴᠤ ᠢᠷᠡᠭᠡᠳ ᠭᠡᠪᠳᠡᠭᠦᠯᠵᠤ᠂ ᠪᠦᠳᠤᠨ ᠳᠠᠪᠣᠷ᠎ᠠ ᠭᠦᠢᠳᠡᠨ ᠴᠠᠢ ᠶᠢ ᠳᠤᠯᠤᠭᠠᠢ ᠳᠡᠭᠡᠷ᠎ᠡ ᠳᠠᠯᠪᠢᠵᠤ ᠦᠭᠭᠦᠭ᠍ᠰᠡᠨ ᠭᠡᠦᠭᠡᠨ ᠴᠠᠢ᠌ᠯᠭᠠᠨ ᠠᠭᠠᠰᠢ ᠶᠢ ᠴᠢᠨᠢ ᠠᠷᠢᠭᠢ ᠣᠭᠤᠤᠬᠤ ᠪᠣᠯᠭᠠᠨ ᠳᠤᠷᠠᠰᠳᠠᠭ ᠶᠤᠮ ᠳ᠋ᠠ᠃ ᠴᠢ ᠨᠠᠳᠠ ᠬᠠᠢ᠌ᠷ᠎ᠠ ᠶᠢᠨ ᠦᠷᠢ ᠲᠡᠶ ᠪᠣᠯ ᠪᠢ ᠴᠢᠮ᠎ᠠ ᠳᠤ ᠰᠡᠳᠭᠢᠯ ᠤᠨ ᠦᠷᠢ ᠲᠡᠶ ᠶᠤᠮ ᠰᠠᠨ ︕
ᠵᠤᠰᠠᠯᠠᠩ ᠤᠨ ᠨᠤᠭᠤᠭᠠᠨ ᠤ ᠦᠨᠦᠷ ᠲᠤ ᠰᠡᠷᠭᠦᠨ᠂ ᠵᠤᠨ ᠤ ᠰᠦᠨᠢ ᠶᠢᠨ ᠰᠡᠯᠡᠭᠦᠨ ᠳᠤ ᠰᠤᠭᠳᠤᠨ ᠪᠠᠢ᠌ᠭᠰᠠᠨ ᠰᠠᠯᠬᠤ ᠶᠢᠨ ᠡᠮᠦᠨᠡᠭᠢ ᠳᠠᠷᠠ ᠨᠢᠭᠡᠨ ᠰᠦᠨᠢ ᠶᠢ ᠭᠡᠵᠢᠶ᠎ᠡ ᠴᠤ ᠮᠠᠷᠳᠠᠬᠤ ᠦᠭᠡᠶ ᠪᠢᠯᠠ᠃ ᠴᠢ ᠨᠠᠳᠠ᠄ 《ᠬᠠᠢ᠌ᠷ᠎ᠠ ᠳᠤᠷᠠᠯᠠᠯ ᠪᠦᠭᠦᠨ ᠵᠥᠪᠭᠡᠨ ᠬᠠᠮᠳᠤ ᠠᠮᠢᠳᠤᠷᠠᠬᠤ ᠶᠢᠨ ᠲᠦᠯᠦᠭᠡ ᠵᠢᠮᠢᠰᠯᠠᠨ ᠦᠷᠡᠯᠡᠳᠡᠭ᠌ ᠦᠭᠡᠶ︕》 ᠭᠡᠰᠡᠨ ᠬᠠᠢ᠌ᠷ᠎ᠠ ᠳᠤᠷᠠᠯᠠᠯ ᠤᠨ ᠳᠤᠬᠠᠢ ᠰᠢᠨ᠎ᠡ ᠰᠡᠪᠠᠭᠦᠨ ᠭᠢᠴᠢᠶᠠᠯ ᠣᠷᠤᠵᠤ ᠦᠷ ᠳᠡᠭ᠍ᠷᠢ ᠴᠠᠢ᠌ᠳᠠᠯ᠎ᠠ ᠨᠠᠷᠭᠢᠵᠤ ᠰᠠᠭᠤᠯ᠎ᠠ᠃
ᠥᠭ᠍ᠴᠤ ᠪᠣᠯᠤᠭᠠᠤᠨ ᠪᠣᠴᠠᠭᠠᠵᠤ ᠴᠢᠳᠠᠳᠠᠭ ᠦᠭᠡᠶ ᠣᠤᠭᠠᠨ ᠬᠠᠢ᠌ᠷ᠎ᠠ ᠶᠢᠨ ᠳᠠᠮᠤᠨ ᠳᠤ ᠣᠨᠠᠵᠤ᠂ ᠪᠦᠳᠤᠨ ᠵᠢᠯ ᠪᠣᠴᠠᠯᠤᠭᠰᠠᠨ ᠳᠤᠷᠠᠯᠠᠯ ᠮᠢᠨᠢ ᠭᠦᠷᠦᠭᠦ ᠪᠣᠯᠤᠭᠰᠠᠨ ᠴᠤ ᠣᠬᠠᠭᠠᠷᠠᠵᠤ ᠶᠠᠪᠣᠬᠤ ᠶᠢᠨ ᠣᠴᠢᠷ ᠶᠤᠰᠤᠨ ᠡᠴᠡ ᠶᠠᠭᠤ ᠨᠢᠭ᠍ᠡ ᠶᠢ ᠮᠦᠨ ᠣᠢ᠌ᠯᠠᠭᠠᠨ ᠮᠠᠳᠠᠵᠤ ᠪᠢᠯᠠ︕
ᠲ᠋ᠠᠷᠠ ᠦᠶ᠎ᠡ ᠳᠤ᠂ ᠠᠷᠪᠠᠨ ᠵᠢᠯ ᠤᠨ ᠬᠣᠢ᠌ᠨ᠎ᠠ ᠭᠠᠭᠴᠠᠭᠠᠷ ᠶᠢᠡᠨ ᠪᠣᠭᠤᠮ ᠤᠨ ᠭᠤᠤᠯ ᠤᠨ ᠭᠦᠪᠠᠭᠡᠨ ᠳᠤ ᠢᠷᠠᠵᠤ᠂ ᠳᠤᠷᠠᠳᠬᠠᠯ ᠮᠦᠷᠦᠭᠡᠳᠦᠯ ᠤᠨ ᠨᠤᠭᠤᠭᠠᠨ ᠮᠦᠴᠢᠷ ᠳᠡᠭᠦᠨ ᠳᠤᠷᠠᠯᠠᠯ ᠬᠠᠢ᠌ᠷ᠎ᠠ ᠶᠢᠨ ᠨᠢᠯᠬ᠎ᠠ ᠮᠦᠷ ᠶᠢᠡᠨ ᠪᠠᠯᠠᠯᠤᠵᠤ ᠶᠠᠪᠣᠬᠤ ᠭᠡᠵᠤ ᠪᠣᠳᠤᠭ᠎ᠠ ᠦᠭᠡᠶ ᠨᠢ ᠦᠨᠡᠨ ᠶᠤᠮ᠃ ᠠᠯᠢᠪᠠ ᠪᠦᠭᠦᠨ ᠣᠷᠤᠰᠤᠨ ᠥᠩᠭᠡᠷᠡᠯ᠎ᠡ᠃ ᠥᠩᠭᠡᠷᠡᠭ᠍ᠰᠡᠨ ᠶᠢᠡᠨ ᠡᠷᠭᠢᠴᠡᠭᠦᠯᠤᠨ ᠰᠠᠨᠠᠵᠤ᠂ ᠰᠠᠢ᠌ᠨ ᠰᠠᠢ᠌ᠬᠠᠨ ᠶᠢᠡᠨ ᠨᠠᠠᠳᠢᠩᠨᠠᠨ᠂ ᠮᠠᠭᠤ ᠮᠠᠭᠤᠬᠠᠢ ᠪᠠᠨ ᠴᠡᠭᠡᠷᠯᠡᠵᠤ ᠶᠠᠪᠣᠳᠠᠭ ᠨᠢ ᠭᠦᠮᠤᠨ ᠪᠣᠯᠭᠠᠨ ᠤ ᠳᠡᠭᠡᠳᠤ ᠣᠬᠠᠮᠰᠠᠷ ᠪᠠᠢ᠌ᠬ᠎ᠠ ᠳ᠋ᠠ ︕ ᠬᠤᠷ᠎ᠠ ᠣᠰᠤᠨ ᠳᠠᠭᠠᠨ ᠣᠭᠢᠶᠠᠭᠳᠠᠨ ᠬᠤᠷᠸ᠎ᠠ ᠳᠡᠯᠡᠭᠡᠢ ᠰᠡᠷᠭᠦᠳᠡᠭ᠌ ᠪᠣᠯ ᠬᠤᠶᠠᠷ ᠰᠡᠳᠭᠢᠯ ᠶᠢᠡᠷ ᠢᠵᠢᠯᠢᠰᠢᠨ ᠥᠶᠡᠷᠭᠡᠵᠤ᠂ ᠬᠤᠷᠠᠭ ᠤᠨ ᠵᠠᠯᠠᠭᠤᠰ ᠬᠠᠢ᠌ᠷ᠎ᠠ ᠪᠠᠷ ᠲᠦᠰᠢᠯᠴᠠᠵᠤ ᠶᠠᠪᠣᠳᠠᠭ ᠵᠢᠮ᠎ᠠ ᠲᠡᠶ ᠪᠠᠢ᠌ᠵᠠᠢ ᠡ︕
ᠰᠡᠳᠭᠢᠯ ᠳᠤ ᠳᠤᠨᠤᠨ ᠬᠤᠴᠤᠷᠤᠭᠰᠠᠨ ᠠᠷᠢᠭᠤᠨ ᠮᠦᠷᠦᠭᠡᠳᠦᠯ ᠶᠢᠡᠨ ᠳᠡᠭᠦᠨ ᠶᠠᠪᠣᠬᠤ ᠳᠤ ᠄
《ᠨᠠᠪᠴᠢᠰ ᠪᠣᠳᠠᠷᠠᠭᠰᠠᠨ ᠣᠢ ᠶᠢᠨ ᠵᠦᠷᠢᠭ᠌ ᠶᠢᠡᠷ
ᠨᠠᠮᠤᠭᠤᠬᠠᠨ ᠰᠢᠪᠠᠨᠡᠭᠡ ᠪᠠᠨ ᠳᠡᠭᠦᠨ ᠪᠣᠴᠠᠯ᠎ᠠ
ᠨᠠᠮᠤᠷ ᠤᠨ ᠠᠯᠳᠠᠨ ᠮᠦᠷᠦᠭᠡᠳᠦᠯ ᠵᠡᠯᠡᠯᠡᠭᠦᠯᠤᠨ
ᠨᠠᠷᠠᠨ ᠤ ᠳᠤᠤᠷ᠎ᠠ ᠭᠠᠭᠴᠠᠭᠠᠷ ᠦᠨᠦᠴᠢᠷᠠᠯᠠ》
ᠭᠡᠮᠡᠭᠦ ᠮᠥᠩᠭᠡ ᠶᠢᠨ ᠪᠠᠳᠠᠭ ᠪᠣᠳᠤᠯ ᠳᠤ ᠣᠷᠭᠤᠨ ᠪᠠᠢ᠌ᠯ᠎ᠠ ᠡ︕ ᠁
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠪᠠᠭ᠎ᠠ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6187
ᠴᠠᠭ᠄ 2010 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ